ᠤᠯᠠᠨ ᠤᠯᠤᠰ ᠤᠨ ᠪᠠᠷᠢᠮᠵᠢᠶᠠᠲᠤ ᠺᠤᠳ᠋ (Unicode) ᠶ᠋ᠢᠡᠷ ᠺᠤᠳ᠋ᠯᠠᠭᠰᠠᠨ ᠮᠣᠩᠭᠣᠯ ᠡᠯᠧᠺᠲ᠋ᠷᠥᠨ ᠨᠤᠮ ᠤᠩᠰᠢᠬᠤ ᠰᠤᠹᠲ

ᠤᠯᠠᠨ ᠤᠯᠤᠰ ᠤᠨ ᠪᠠᠷᠢᠮᠵᠢᠶᠠᠲᠤ ᠺᠤᠳ᠋ (Unicode)  ᠶ᠋ᠢᠡᠷ ᠺᠤᠳ᠋ᠯᠠᠭᠰᠠᠨ ᠮᠣᠩᠭᠣᠯ ᠡᠯᠧᠺᠲ᠋ᠷᠥᠨ ᠨᠤᠮ ᠤᠩᠰᠢᠬᠤ ᠰᠤᠹᠲ ᠪᠤᠯ Apple ᠺᠤᠮᠫᠠᠨᠢ ᠶᠢᠨ iPhone ᠂ iPad ᠂ iPod Touch ᠵᠡᠷᠭᠡ ᠤᠶᠤᠨᠲᠤ ᠰᠢᠯᠵᠢᠯ ᠲᠡᠭᠦᠰᠭᠡᠯ ᠤᠨ ᠳᠥᠬᠥᠭᠡᠷᠥᠮᠵᠢ ᠳᠡᠭᠡᠷ᠎ᠡ ᠶᠠᠪᠤᠭᠳᠠᠬᠤ ᠮᠣᠩᠭᠣᠯ ᠨᠤᠮ ᠤᠩᠰᠢᠬᠤ ᠡᠯᠧᠺᠲ᠋ᠷᠥᠨ ᠰᠤᠹᠲ ᠪᠤᠯᠤᠨ᠎ᠠ᠃

ᠲᠤᠰ ᠰᠤᠹᠲ ᠳᠤ ᠨᠤᠮ ᠤᠨ ᠭᠠᠷᠴᠠᠭ ᠢ ᠵᠢᠭᠰᠠᠭᠠᠵᠤ᠂ ᠤᠩᠰᠢᠭᠴᠢᠳ ᠭᠠᠷᠴᠠᠭ ᠢᠶᠡᠷ ᠳᠠᠮᠵᠢᠨ ᠥᠪᠡᠷ ᠤᠨ ᠰᠤᠨᠢᠷᠬᠠᠯ ᠲᠠᠢ ᠠᠭᠤᠯᠭ᠎ᠠ ᠪᠡᠨ ᠰᠤᠩᠭ᠋ᠤᠨ ᠤᠩᠰᠢᠵᠤ ᠪᠤᠯᠤᠨ᠎ᠠ᠃ ᠳᠤᠬᠠᠢ ᠳ᠋ᠤ ᠨᠢ᠂ ᠲᠤᠰ ᠰᠤᠹᠲ ᠪᠠᠰᠠ ᠨᠤᠮ ᠤᠨ ᠨᠢᠭᠤᠷ ᠤᠷᠪᠠᠭᠤᠯᠬᠤ᠂ ᠭᠠᠷᠴᠠᠭ ᠳᠤ ᠪᠤᠴᠠᠬᠤ ᠵᠡᠷᠭᠡ ᠴᠢᠳᠠᠮᠵᠢ ᠲᠠᠢ᠃

ᠲᠤᠰ ᠰᠤᠹᠲ ᠨᠢ ᠡᠯᠧᠺᠲ᠋ᠷᠥᠨ ᠨᠤᠮ ᠤᠨ ᠠᠭᠤᠯᠭ᠎ᠠ ᠶᠢ ᠦᠢᠯᠡᠴᠢᠯᠡᠭᠥᠷ ᠤᠨ ᠳᠤᠭᠳᠠᠭᠰᠠᠨ ᠪᠠᠢ᠌ᠷᠢᠨ ᠳ᠋ᠤ ᠨᠢᠭᠡᠳᠥᠯᠲᠠᠢ ᠬᠠᠳᠠᠭᠠᠯᠠᠵᠥ᠂ ᠴᠠᠭ ᠢᠮᠬᠠᠳᠠ ᠠᠭᠤᠯᠭ᠎ᠠ ᠰᠢᠨᠡᠴᠢᠯᠡᠬᠥ ᠪᠤᠶᠤ ᠨᠡᠮᠡᠵᠥ ᠪᠤᠯᠤᠨ᠎ᠠ᠃ ᠡᠭᠥᠨ ᠤ ᠬᠠᠮᠲᠤ᠂ ᠦᠢᠯᠡᠴᠢᠯᠡᠬᠥᠷ ᠪᠠ ᠬᠡᠷᠡᠭᠯᠡᠭᠴᠢ ᠶᠢᠨ ᠲᠡᠭᠥᠰᠭᠡᠯ ᠵᠡᠷᠭᠡᠴᠡᠯ ᠴᠢᠳᠠᠮᠵᠢ ᠲᠠᠢ ᠪᠠᠢ᠌ᠵᠤ᠂ ᠦᠢᠯᠡᠴᠢᠯᠡᠬᠥᠷ ᠲᠠᠬᠢ ᠨᠤᠮ ᠤᠨ ᠠᠭᠤᠯᠭ᠎ᠠ ᠰᠢᠨᠡᠴᠢᠯᠡᠭᠳᠡᠪᠡᠯ ᠬᠡᠷᠡᠭᠯᠡᠭᠴᠢ ᠶᠢᠨ ᠲᠡᠭᠥᠰᠭᠡᠯ ᠳ᠋ᠡᠬᠢ ᠠᠭᠤᠯᠭ᠎ᠠ ᠵᠡᠷᠭᠡ ᠳ᠋ᠤ ᠨᠢ ᠰᠢᠨᠡᠴᠢᠯᠡᠭᠳᠡᠨ᠎ᠡ᠃

ᠲᠤᠰ ᠰᠤᠹᠲ ᠤᠳᠤᠬᠠᠨ ᠳ᠋ᠤ HTML ᠪᠠ TEXT ᠵᠠᠭᠪᠤᠷ ᠤᠨ ᠹᠠᠢ᠌ᠯ ᠢ ᠳᠡᠮᠵᠢᠬᠥ ᠴᠢᠳᠠᠮᠵᠢ ᠲᠠᠢ ᠪᠠᠢ᠌ᠵᠤ᠂ ᠪᠤᠰᠤᠳ ᠵᠠᠭᠪᠤᠷ ᠤᠨ ᠡᠯᠧᠺᠲ᠋ᠷᠥᠨ ᠨᠤᠮ ᠢ ᠳᠠᠮᠵᠢᠬᠥ ᠴᠢᠳᠠᠮᠵᠢ ᠪᠠ ᠬᠡᠪᠯᠡᠯ ᠤᠨ ᠡᠷᠭᠡ ᠶᠢ ᠬᠠᠮᠠᠭᠠᠯᠠᠬᠤ ᠴᠢᠳᠠᠮᠵᠢ ᠶᠢ ᠠᠭᠠᠵᠢᠮ ᠢᠶᠡᠷ ᠪᠡᠶᠡᠯᠡᠬᠥᠯᠬᠥ ᠪᠡᠷ ᠴᠢᠷᠮᠠᠢ᠌ᠵᠤ ᠪᠠᠢ᠌ᠨ᠎ᠠ᠃

ᠤᠯᠠᠨ ᠤᠯᠥᠰ ᠤᠨ ᠪᠠᠷᠢᠮᠵᠢᠶᠠᠲᠤ ᠺᠤᠳ᠋ (Unicode)  ᠶ᠋ᠢᠡᠷ ᠺᠤᠳ᠋ᠯᠠᠭᠰᠠᠨ ᠮᠣᠩᠭᠣᠯ ᠡᠯᠧᠺᠲ᠋ᠷᠥᠨ ᠨᠤᠮ ᠤᠩᠰᠢᠬᠤ ᠰᠤᠹᠲ ᠲᠤ ᠨᠡᠩ ᠤᠯᠠᠨ ᠮᠣᠩᠭᠣᠯ ᠨᠤᠮ ᠪᠢᠴᠢᠭ᠌ ᠢ ᠬᠤᠷᠠᠮᠳᠤᠭᠤᠯᠵᠤ ᠥᠷᠭᠡᠨ ᠤᠯᠠᠨ ᠤᠩᠰᠢᠭᠴᠢᠳ ᠲᠤ ᠦᠢᠯᠡᠴᠢᠯᠡᠬᠥ ᠪᠡᠷ ᠴᠢᠷᠮᠠᠢ᠌ᠵᠤ ᠪᠠᠢ᠌ᠨ᠎ᠠ᠃

ᠰᠤᠹᠲ ᠤᠨ ᠳᠡᠮᠵᠢᠳᠡᠭ ᠳᠥᠬᠥᠭᠡᠷᠥᠮᠵᠢ᠄ iPhone᠂ iPad᠂ iPod Touch

1. iPhone ᠳ᠋ᠡᠬᠢ ᠢᠯᠡᠷᠡᠯ

31_reader_iPhone_1

32_reader_iPhone_2

33_reader_iPhone_3

2. iPad ᠳ᠋ᠡᠬᠢ ᠢᠯᠡᠷᠡᠯ

dzs001

dzs002

dzs003