ᠳᠡᠯᠡᠬᠡᠢ ᠨᠡᠢᠳᠡ ᠶᠢᠨ ᠪᠠᠷᠢᠮᠵᠢᠶ᠎ᠠ ᠺᠤᠳ᠋ᠯᠠᠯ ᠤᠨ ᠮᠤᠩᠭᠤᠯ ᠦᠰᠦᠭ ᠤᠨ ᠬᠥᠳᠡᠯᠥᠩᠭᠦᠢ ᠨᠧᠲ ᠳᠡᠪᠴᠡᠩ ᠤᠨ ᠰᠢᠰᠲ᠋ᠧᠮ

ᠲᠤᠰ ᠲᠡᠪᠴᠡᠩ ᠪᠤᠯ ᠪᠥᠬᠥ ᠳᠡᠯᠡᠬᠡᠢ ᠳ᠋ᠤ ᠠᠩᠬ᠎ᠠ ᠡᠭᠥᠳᠥᠭᠰᠡᠨ ᠳᠡᠯᠡᠬᠡᠢ ᠨᠡᠢᠳᠡ ᠶᠢᠨ ᠪᠠᠷᠢᠮᠵᠢ᠎ᠡ ᠺᠤᠳ᠋ᠯᠠᠯ ᠢ ᠬᠡᠷᠡᠭᠯᠡᠭᠰᠡᠨ ᠮᠤᠩᠭᠤᠯ ᠦᠰᠥᠭ ᠤᠨ ᠲᠢᠭ᠌ ᠤᠨ ᠮᠡᠷᠭᠡᠵᠢᠯ ᠢ ᠬᠡᠷᠡᠭᠯᠡᠭᠰᠡᠨ ᠮᠥᠷᠳᠡᠭᠡᠨ ᠬᠥᠳᠡᠯᠥᠩᠭᠦᠢ ᠠᠭᠤᠯᠭ᠎ᠠ ᠢᠢ ᠬᠠᠮᠢᠶᠠᠷᠴᠤ ᠨᠡᠢᠳᠡᠯᠡᠬᠥ ᠮᠡᠷᠭᠡᠵᠢᠯ ᠲᠠᠢ ᠳᠡᠪᠴᠡᠩ ᠪᠤᠯᠤᠨ᠎ᠠ᠃

ᠲᠤᠰ ᠳᠡᠪᠴᠡᠩ ᠪᠤᠯ ᠳᠡᠯᠡᠬᠡᠢ ᠨᠡᠢᠳᠡ ᠶᠢᠨ ᠪᠠᠷᠢᠮᠵᠢᠶ᠎ᠠ ᠺᠤᠳ᠋ᠯᠠᠯ ᠤᠨ ᠮᠤᠩᠭᠤᠯ ᠦᠰᠦᠭ ᠵᠢᠴᠢ ᠪᠤᠰᠤᠳ ᠬᠡᠯᠡᠨ ᠤ ᠠᠢᠮᠠᠭ ᠤᠨ ᠦᠰᠥᠭ ᠪᠢᠴᠢᠭ᠌ ᠤᠨ ᠠᠭᠤᠯᠭ᠎ᠠ ᠢᠢ ᠢᠨᠲ᠋ᠧᠷᠨᠧᠲ ᠳᠡᠭᠡᠷ᠎ᠡ ᠨᠡᠢᠳᠡᠯᠡᠵᠥ ᠳᠡᠢᠯᠳᠡᠭ᠃ ᠬᠡᠷᠡᠭᠯᠡᠭᠴᠢ ᠡᠯ᠎ᠡ ᠵᠦᠢᠯ ᠤᠨ ᠺᠣᠮᠫᠢᠦ᠋ᠲ᠋ᠧᠷ (Windows, Mac OS X, Linux)᠂ ᠭᠠᠷ ᠤᠳᠠᠰᠤ ᠪᠤᠯᠥᠨ ᠬᠠᠪᠳᠠᠭᠠᠢ ᠺᠣᠮᠫᠢᠦ᠋ᠲ᠋ᠧᠷ (Windows Phone, iOS, Android)᠂ ᠤᠶᠤᠨᠲᠤ ᠲᠧᠯᠸᠢᠰ (Android) ᠵᠡᠷᠭᠡ ᠤᠶᠤᠨᠲᠤ ᠳᠥᠬᠥᠭᠡᠷᠥᠮᠵᠢ ᠢᠢ ᠬᠡᠷᠡᠭᠯᠡᠨ ᠡᠯ᠎ᠡ ᠵᠦᠢᠯ ᠤᠨ ᠬᠠᠢᠭᠴᠢ ᠪᠡᠷ ᠬᠠᠢᠵᠤ ᠪᠤᠯᠤᠨ᠎ᠠ᠃

ᠲᠤᠰ ᠲᠡᠪᠴᠡᠩ ᠳᠡᠯᠡᠬᠡᠢ ᠨᠡᠢᠳᠡ ᠶᠢᠨ ᠪᠠᠷᠢᠮᠵᠢᠶ᠎ᠠ ᠺᠤᠳ᠋ᠯᠠᠯ ᠤᠨ ᠮᠤᠩᠭᠤᠯ ᠦᠰᠥᠭ ᠤᠨ ᠪᠥᠬᠥ ᠦᠰᠥᠭ ᠲᠡᠮᠳᠡᠭ ᠤᠨ ᠴᠤᠭᠯᠠᠷᠠᠯ (ᠤᠢᠭᠤᠷᠵᠢᠨ ᠮᠤᠩᠭᠤᠯ ᠦᠰᠦᠭ᠂ ᠲᠤᠳᠤ ᠦᠰᠦᠭ᠂ ᠰᠢᠪᠡᠭᠡ ᠦᠰᠦᠭ᠂ ᠮᠠᠨᠵᠤ ᠦᠰᠦᠭ ᠪᠠ ᠠᠯᠢ ᠭᠠᠯᠢ ᠦᠰᠦᠭ) ᠵᠢᠴᠢ ᠬᠢᠳᠠᠳ ᠦᠰᠥᠭ᠂ ᠠᠩᠯᠢ ᠦᠰᠦᠭ᠂ ᠶᠡᠫᠤᠨ ᠦᠰᠦᠭ ᠵᠡᠷᠭᠡ ᠪᠤᠰᠤᠳ ᠬᠡᠯᠡᠨ ᠤ ᠠᠢᠮᠠᠭ ᠤᠨ ᠦᠰᠦᠭ ᠢ ᠪᠥᠷᠢᠮᠦᠰᠦᠨ ᠳᠡᠮᠵᠢᠨ᠎ᠠ᠃

ᠲᠤᠰ ᠬᠥᠳᠡᠯᠦᠩᠭᠦᠢ ᠨᠧᠲ ᠳᠡᠪᠴᠡᠩ ᠳ᠋ᠤ ᠠᠷᠤ ᠳᠡᠪᠴᠡᠩ ᠤᠨ ᠠᠭᠤᠯᠭ᠎ᠠ ᠶᠢᠨ ᠦᠢᠯᠡᠳᠭᠦᠢ ᠶᠢᠨ ᠬᠠᠮᠢᠶᠠᠷᠤᠯᠳᠠ ᠪᠠ ᠡᠮᠦᠨ᠎ᠠ ᠳᠡᠪᠴᠡᠩ ᠤᠨ ᠨᠡᠢᠳᠡᠯᠡᠯ ᠪᠠᠢᠬᠤ ᠡᠴᠨ ᠭᠠᠳᠠᠨ᠎ᠠ᠂ ᠪᠠᠰᠠ ᠬᠥᠳᠡᠯᠦᠩᠭᠦᠢ ᠨᠧᠲ ᠥᠷᠲᠡᠭᠡ ᠶᠢᠨ ᠠᠭᠤᠯᠭ᠎ᠠ ᠶᠢ ᠬᠠᠭᠤᠷᠮᠠᠭ ᠳᠤᠭᠳᠠᠭᠤᠨ ᠪᠠᠢᠳᠠᠯ ᠢᠶᠡᠷ ᠭᠠᠷᠭᠠᠬᠤ ᠳᠤᠭᠳᠠᠯᠴᠠᠭ᠎ᠠ ᠨᠢ ᠰᠤᠷᠠᠬᠤ ᠬᠥᠳᠡᠯᠭᠡᠭᠥᠷ ᠤᠨ ᠰᠢᠯᠢᠳᠡᠭᠵᠢᠯᠡᠯ (SEO)  ᠢ ᠪᠡᠶᠡᠯᠡᠭᠦᠯᠦᠭᠰᠡᠨ᠂ ᠬᠡᠪ ᠬᠠᠪᠳᠠᠰᠤ ᠶᠢᠨ ᠭᠡᠯᠪᠡᠷᠢ ᠶᠠᠩᠵᠤ ᠪᠤᠯᠤᠨ ᠨᠢᠭᠤᠷ ᠤᠨ ᠠᠭᠤᠯᠭ᠎ᠠ ᠶᠢᠨ ᠰᠠᠯᠤᠩᠬᠢ ᠳᠥᠰᠦᠪᠯᠡᠯ ᠨᠢ ᠠᠭᠤᠯᠭ᠎ᠠ ᠬᠤᠪᠢᠷᠠᠬᠤ ᠦᠭᠡᠢ ᠤᠷᠢᠳᠠᠯ ᠳᠤᠤᠷ᠎ᠠ ᠬᠡᠪ ᠬᠠᠪᠳᠠᠰᠤ ᠶᠢᠨ ᠬᠡᠯᠪᠡᠷᠢ ᠶᠠᠩᠵᠤ ᠢᠢ ᠳᠤᠷ᠎ᠠ ᠪᠡᠷ ᠬᠤᠪᠢᠷᠠᠭᠠᠵᠤ ᠪᠤᠯᠬᠤ ᠵᠤᠷᠢᠯᠭ᠎ᠠ ᠳ᠋ᠤ ᠬᠥᠷᠥᠭᠰᠡᠨ᠂ 《ᠤᠯᠠᠨ ᠳᠥᠷᠢᠶᠡᠰᠥᠯᠡᠭᠴᠢ》 (ᠨᠧᠲ ᠥᠷᠳᠡᠭᠡ) ᠲᠠᠢ᠂ ᠡᠭᠦᠯᠡᠨ ᠳᠡᠪᠴᠡᠩ ᠳᠡᠭᠡᠷ᠎ᠡ ᠲᠤᠷᠪᠢᠵᠢᠭᠤᠯᠤᠯᠳᠠ ᠶᠢᠨ ᠡᠵᠡᠩᠨᠡᠯᠲᠡ ᠶᠢᠨ ᠮᠤᠳᠧᠯ ᠲᠠᠢ᠂ ᠨᠧᠲ ᠥᠷᠲᠡᠭᠡ ᠵᠣᠬᠢᠶᠠᠬᠤ ᠬᠥᠳᠥᠯᠥᠮᠵᠢ ᠢᠢ ᠠᠰᠢᠭᠯᠠᠨ᠂ ᠠᠳᠠᠯᠢ ᠪᠤᠰᠤ ᠶᠢᠨ ᠬᠡᠪ ᠬᠠᠪᠳᠠᠰᠤ ᠢᠢ ᠰᠤᠩᠭᠤᠵᠤ᠂ ᠳᠤᠪᠴᠢ ᠠᠪᠰᠠᠷᠬᠠᠨ ᠲᠥᠷᠭᠡᠨ ᠢᠶᠡᠷ ᠨᠧᠲ ᠥᠷᠲᠡᠭᠡ ᠢᠢ ᠵᠤᠬᠢᠶᠠᠵᠤ ᠴᠢᠳᠠᠬᠤ ᠵᠡᠷᠭᠡ ᠤᠨᠴᠠᠯᠢᠭ ᠲᠠᠢ᠃

Windows ᠳᠡᠭᠡᠷ ᠡ(Microsoft IE、Google Chrome、Apple Safari)

wz1 (1)

Mac OS X ᠳᠡᠭᠡᠷ ᠡ

WZ2

iOS ( iPhone ᠪᠠ iPad) ᠳᠡᠭᠡᠷ ᠡ

wz3

Windows Phone 8 ( Nokia820 ) ᠳᠡᠭᠡᠷ ᠡ

wz4

wz6