ᠮᠤᠩᠭᠤᠯ ᠴᠠᠭ ᠤᠯᠠᠷᠢᠯ ᠤᠨ ᠪᠢᠴᠢᠭ᠌

ᠮᠤᠩᠭᠤᠯ ᠴᠠᠭ ᠤᠯᠠᠷᠢᠯ ᠤᠨ ᠪᠢᠴᠢᠭ᠌ ᠪᠣᠯ ᠮᠠᠨ ᠤ ᠺᠣᠮᠫᠠᠨᠢ ᠡᠴᠡ ᠣᠯᠠᠨ ᠤᠯᠤᠰ ᠤᠨ ᠪᠠᠷᠢᠮᠵᠢᠶᠠᠲᠤ ᠺᠣᠳ᠋ (Unicode) ᠶᠢᠡᠷ ᠰᠣᠳᠤᠯᠤᠨ ᠦᠢᠯᠡᠳᠦᠭᠰᠡᠨ ᠨᠢᠭᠡᠨ ᠵᠦᠢᠯ ᠦᠨ ᠴᠠᠭ ᠤᠯᠠᠷᠢᠯ ᠤᠨ ᠪᠢᠴᠢᠭ᠌ ᠦᠨ ᠴᠢᠳᠠᠮᠵᠢ ᠲᠠᠢ ᠰᠣᠹᠲ ᠪᠣᠯᠤᠨ᠎ᠠ᠃

ᠲᠤᠰ ᠰᠣᠹᠲ ᠤᠯᠠᠮᠵᠢᠯᠠᠯᠲᠤ ᠮᠤᠩᠭᠤᠯ ᠬᠡᠯᠡᠨ ᠦ ᠵᠡᠭᠦᠨ ᠡᠴᠡ ᠪᠣᠰᠤᠭ᠎ᠠ ᠪᠢᠴᠢᠬᠦ ᠵᠢᠷᠦᠮ ᠢ ᠵᠢᠷᠦᠮᠯᠡᠠᠵᠦ᠂ ᠠᠷᠭ᠎ᠠ ᠶᠢᠨ ᠤᠯᠠᠷᠢᠯ᠂ ᠪᠢᠯᠢᠭ᠌ ᠦᠨ ᠤᠯᠠᠷᠢᠯ ᠢ ᠣᠨᠤᠪᠴᠢᠲᠠᠢ ᠢᠯᠡᠷᠡᠭᠦᠯᠵᠦ ᠴᠢᠳᠠᠬᠤ ᠮᠦᠷᠲᠡᠭᠡᠨ 24 ᠴᠠᠭ ᠤᠯᠠᠷᠢᠯ ᠢ ᠪᠣᠳᠤᠨ ᠭᠠᠷᠭᠠᠵᠤ ᠴᠢᠳᠠᠨ᠎ᠠ᠃

ᠲᠤᠰ ᠰᠣᠹᠲ ᠣᠳᠣᠬᠠᠨ ᠳᠤ Apple ᠺᠣᠮᠫᠠᠨᠢ ᠶᠢᠨ iPhone᠂ iPad᠂ iPod Touch ᠵᠡᠷᠭᠡ ᠤᠶᠤᠨᠲᠤ ᠲᠦᠬᠦᠭᠡᠷᠦᠮᠵᠢ ᠪᠠ Google ᠺᠣᠮᠫᠠᠨᠢ ᠶᠢᠨ Android ᠰᠢᠰᠲ᠋ᠧᠮ ᠢ ᠳᠡᠮᠵᠢᠳᠡᠭ᠃

ᠪᠠᠭᠤᠯᠭᠠᠬᠤ (Android)

ᠪᠠᠭᠤᠯᠭᠠᠬᠤ (iPhone)

ᠵᠢᠷᠤᠭ 1 ᠮᠤᠩᠭᠤᠯ ᠴᠠᠭ ᠤᠯᠠᠷᠢᠯ ᠤᠨ ᠪᠢᠴᠢᠭ᠌ ᠦᠨ ᠵᠤᠯᠭᠠᠭᠤᠷ

mgwrl001

ᠳᠡᠭᠡᠷᠡᠬᠢ ᠵᠢᠷᠤᠭ ᠲᠤ᠂ ᠵᠢᠷᠤᠭᠠᠰᠤ ᠶᠢᠨ ᠳᠡᠭᠡᠷᠡᠬᠢ ᠬᠡᠰᠡᠭ ᠨᠢ ᠠᠷᠭ᠎ᠠ ᠶᠢᠨ ᠤᠯᠠᠷᠢᠯ ᠤᠨ ᠣᠨ᠂ ᠰᠠᠷ᠎ᠠ᠂ ᠡᠳᠦᠷ ᠪᠠ ᠭᠠᠷᠠᠭ᠂ ᠵᠢᠷᠤᠭᠠᠰᠤ ᠶᠢᠨ ᠳᠣᠣᠷᠠᠬᠢ ᠬᠡᠰᠡᠭ ᠨᠢ ᠪᠢᠯᠢᠭ᠌ ᠦᠨ ᠤᠯᠠᠷᠢᠯ ᠤᠨ ᠣᠨ᠂ ᠰᠠᠷ᠎ᠠ᠂ ᠡᠳᠦᠷ ᠬᠢᠭᠡᠳ ᠴᠠᠭ ᠤᠯᠠᠷᠢᠯ᠃

ᠰᠣᠹᠲ ᠲᠤ ᠂ ᠲᠤᠰ ᠡᠳᠦᠷ ᠦᠨ ᠴᠠᠭ ᠤᠯᠠᠷᠢᠯ ᠢ ᠪᠠᠢᠢᠴᠠᠭᠠᠨ ᠦᠵᠡᠵᠦ ᠳᠡᠢᠢᠯᠬᠦ ᠪᠡᠷ ᠪᠠᠷᠠᠬᠤ ᠦᠭᠡᠢ ᠪᠠᠰᠠ ᠳᠤᠷ᠎ᠠ ᠶᠢᠨ ᠨᠢᠭᠡᠨ ᠡᠳᠦᠷ ᠦᠨ ᠠᠷᠭ᠎ᠠ ᠶᠢᠨ ᠤᠯᠠᠷᠢᠯ ᠵᠢᠴᠢ ᠪᠢᠯᠢᠭ᠌ ᠦᠨ ᠤᠯᠠᠷᠢᠯ ᠢ ᠪᠠᠢᠢᠴᠠᠭᠠᠨ ᠦᠵᠡᠵᠦ ᠳᠡᠢᠢᠯᠦᠨ᠎ᠡ᠃ ᠵᠡᠭᠦᠨᠰᠢ ᠪᠠᠷᠠᠭᠤᠨᠰᠢ ᠰᠣᠮᠣᠨ ᠦᠵᠦᠭᠦᠷ ᠢ ᠳᠠᠷᠤᠵᠤ ᠨᠢᠭᠤᠷ ᠤᠷᠪᠠᠭᠤᠯᠵᠤ ᠪᠣᠯᠤᠨ᠎ᠠ᠃ ᠡᠭᠦᠨ ᠦ ᠬᠠᠮᠲᠤ᠂ ᠣᠳᠣᠬᠠᠨ ᠳᠤ ᠳᠡᠯᠭᠡᠷᠡᠩᠭᠦᠢ ᠬᠡᠷᠡᠭᠯᠡᠭᠳᠡᠵᠦ ᠪᠠᠢᠢᠭ᠎ᠠ ᠭᠠᠷ ᠬᠡᠯᠪᠡᠷᠢᠲᠦ ᠵᠢᠯᠤᠭᠤᠳᠬᠤ ᠠᠷᠭ᠎ᠠ ᠶᠢ ᠬᠡᠷᠡᠭᠯᠡᠨ᠂ ᠵᠡᠭᠦᠨᠰᠢ ᠪᠠᠷᠠᠭᠤᠨᠰᠢ ᠭᠤᠯᠭᠤᠭᠤᠯᠬᠤ᠎ ᠪᠡᠷ ᠳᠠᠮᠵᠢᠨ ᠡᠮᠦᠨᠡᠰᠢ ᠬᠣᠢᠢᠰᠢ ᠨᠢᠭᠤᠷ ᠤᠷᠪᠠᠭᠤᠯᠵᠤ ᠪᠣᠯᠤᠨ᠎ᠠ᠃

ᠵᠢᠷᠤᠭ 2 ᠮᠤᠩᠭᠤᠯ ᠴᠠᠭ ᠤᠯᠠᠷᠢᠯ ᠤᠨ ᠪᠢᠴᠢᠭ᠌ ᠦᠨ ᠰᠠᠷ᠎ᠠ ᠶᠢᠨ ᠬᠠᠷᠠᠭᠠᠨ ᠵᠢᠷᠤᠭ

mgwrl002

ᠮᠤᠩᠭᠤᠯ ᠴᠠᠭ ᠤᠯᠠᠷᠢᠯ ᠤᠨ ᠪᠢᠴᠢᠭ᠌ ᠲᠤ ᠰᠠᠷ᠎ᠠ ᠶᠢᠨ ᠬᠠᠷᠠᠭᠠᠨ ᠵᠢᠷᠤᠭ ᠢᠶᠡᠷ ᠳᠠᠮᠵᠢᠨ ᠠᠯᠢ ᠨᠢᠭᠡᠨ ᠡᠳᠦᠷ ᠢ ᠰᠤᠩᠭᠤᠨ ᠲᠤᠰ ᠡᠳᠦᠷ ᠦᠨ ᠴᠠᠭ ᠤᠯᠠᠷᠢᠯ ᠢ ᠪᠠᠢᠢᠴᠠᠭᠠᠨ ᠦᠵᠡᠵᠦ ᠪᠣᠯᠤᠨ᠎ᠠ᠃

ᠵᠢᠷᠤᠭ 3 ᠣᠨ ᠰᠠᠷ᠎ᠠ ᠡᠳᠦᠷ ᠢ ᠰᠤᠩᠭᠤᠨ ᠴᠠᠭ ᠤᠯᠠᠷᠢᠯ ᠪᠠᠢᠢᠴᠠᠭᠠᠨ ᠦᠵᠡᠬᠦ

mgwrl003

ᠮᠤᠩᠭᠤᠯ ᠴᠠᠭ ᠤᠯᠠᠷᠢᠯ ᠤᠨ ᠪᠢᠴᠢᠭ᠌ ᠲᠦ 1901 ᠣᠨ ᠡᠴᠡ 2050 ᠣᠨ ᠬᠦᠷᠲᠡᠯᠡᠬᠢ ᠠᠷᠭ᠎ᠠ ᠶᠢᠨ ᠤᠯᠠᠷᠢᠯ᠂ ᠪᠢᠯᠢᠭ᠌ ᠦᠨ ᠤᠯᠠᠷᠢᠯ ᠵᠢᠴᠢ 24 ᠴᠠᠭ ᠤᠯᠠᠷᠢᠯ ᠤᠨ ᠲᠣᠭ᠎ᠠ ᠪᠠᠷᠢᠮᠲᠠ ᠶᠢ ᠪᠦᠬᠦᠨ ᠢ ᠬᠠᠮᠤᠷᠤᠭᠰᠠᠨ ᠪᠠᠢᠢᠨ᠎ᠠ᠃

ᠮᠤᠩᠭᠤᠯ ᠴᠠᠭ ᠤᠯᠠᠷᠢᠯ ᠤᠨ ᠪᠢᠴᠢᠭ᠌ ᠪᠣᠯ ᠮᠠᠨ ᠤ ᠺᠣᠮᠫᠠᠨᠢ ᠶᠢᠨ ᠤᠯᠠᠮᠵᠢᠯᠠᠯᠲᠤ ᠮᠤᠩᠭᠤᠯ ᠦᠰᠦᠭ ᠢ ᠤᠶᠤᠨᠲᠤ ᠲᠦᠬᠦᠭᠡᠷᠦᠮᠵᠢ ᠳᠦ ᠪᠣᠰᠤᠭ᠎ᠠ ᠪᠠᠷ ᠢᠯᠡᠷᠡᠭᠦᠯᠬᠦ ᠰᠤᠳᠤᠯᠤᠯᠲᠠ ᠶᠢᠨ ᠠᠩᠬᠠᠨ ᠤ ᠦᠷ᠎ᠡ ᠪᠦᠲᠦᠭᠡᠯ ᠪᠠᠢᠢᠵᠤ᠂ ᠤᠳᠠᠯ ᠦᠭᠡᠢ ᠨᠡᠩ ᠣᠯᠠᠨ ᠭᠣᠶᠤ ᠬᠢᠴᠡ ᠲᠡᠢ᠂ ᠦᠷᠭᠡᠨ ᠴᠢᠳᠠᠮᠵᠢ ᠲᠠᠢ ᠪᠣᠰᠤᠭ᠎ᠠ ᠮᠤᠩᠭᠤᠯ ᠦᠰᠦᠭ ᠢᠯᠡᠷᠡᠵᠦ ᠴᠢᠳᠠᠳᠠᠭ ᠤᠶᠤᠨᠲᠤ ᠪᠦᠲᠦᠭᠡᠯ ᠰᠤᠳᠤᠯᠤᠨ ᠦᠢᠯᠡᠳᠬᠦ ᠳᠦ ᠪᠠᠲᠤ ᠢᠲᠭᠡᠯ ᠲᠡᠢ ᠪᠠᠢᠢᠨ᠎ᠠ᠃