ᠴᠠᠭᠠᠨ ᠲᠤᠯᠤᠭᠠᠢ ᠰᠤᠷᠤᠯᠴᠠᠬᠤ ᠰᠤᠹᠲ

ᠴᠠᠭᠠᠨ ᠲᠤᠯᠤᠭᠠᠢ ᠰᠤᠷᠤᠯᠴᠠᠬᠤ ᠰᠤᠹᠲ ᠪᠤᠯ ᠳᠡᠯᠡᠬᠡᠢ ᠨᠡᠢᠳᠡ  ᠶᠢᠨ ᠪᠠᠷᠢᠮᠵᠢᠶ᠎ᠠ ᠺᠤᠳ᠋ᠯᠠᠯ (Unicode)ᠢ᠋ ᠦᠨᠳᠥᠰᠥᠯᠡᠨ ᠰᠣᠳᠣᠯᠣᠨ ᠰᠡᠲᠥᠭᠰᠡᠨ ᠬᠡᠥᠬᠡᠳ ᠤᠨ ᠰᠤᠷᠤᠯᠴᠠᠯᠭ᠎ᠠ ᠳ᠋ᠤ ᠵᠤᠷᠢᠭᠤᠯᠤᠭᠰᠠᠨ ᠰᠤᠹᠲ ᠮᠥᠨ᠃ ᠲᠡᠷᠡ ᠨᠢ iPhone iOS4.3 ᠵᠢᠴᠢ ᠡᠭᠥᠨ ᠡᠴᠨ ᠳᠡᠭᠡᠭᠰᠢᠬᠢ ᠬᠡᠪᠯᠡᠯ ᠤᠨ iPhone᠂ iPad᠂ iPod Touch ᠵᠡᠷᠭᠡ ᠳᠥᠬᠥᠭᠡᠷᠥᠮᠵᠢ ᠳ᠋ᠤ ᠳᠤᠬᠢᠷᠠᠨ᠎ᠠ᠃ ᠴᠠᠭᠠᠨ ᠲᠤᠯᠤᠭᠠᠢ ᠰᠤᠷᠤᠯᠴᠠᠬᠤ ᠰᠤᠹᠲ ᠨᠢ ᠵᠢᠷᠤᠭ ᠳᠥᠷᠰᠥ ᠦᠰᠦᠭ ᠢ ᠬᠤᠤᠰᠯᠠᠭᠤᠯᠣᠨ ᠮᠤᠩᠭᠤᠯ ᠦᠰᠦᠭ ᠤᠨ 128 ᠦᠨᠳᠦᠰᠦᠨ ᠦᠶ᠎ᠡ ᠵᠢᠴᠢ ᠲᠡᠬᠥᠨ ᠤ ᠪᠠᠷᠢᠮᠵᠢ᠎ᠠ ᠤᠩᠰᠢᠯᠭ᠎ᠠ ᠢᠢ ᠢᠯᠡᠷᠡᠭᠥᠯᠥᠨ ᠦᠵᠡᠬᠥᠯᠥᠭᠰᠡᠨ ᠪᠥᠭᠡᠳ ᠴᠠᠭᠠᠨ ᠲᠤᠯᠤᠭᠠᠢ ᠪᠥᠷᠢ ᠪᠠ ᠲᠡᠭᠥᠨ ᠯᠤᠭᠡ ᠬᠠᠷᠠᠭᠠᠯᠵᠠᠭᠰᠠᠨ ᠵᠢᠱᠢᠶ᠎ᠡ ᠦᠭᠡ ᠳ᠋ᠤ ᠡᠷᠡᠭᠲᠠᠢ  ᠶᠢᠨ ᠤᠩᠰᠢᠯᠭ᠎ᠠ ᠪᠠ ᠡᠮᠡᠭᠲᠠᠢ  ᠶᠢᠨ ᠤᠩᠰᠢᠯᠭ᠎ᠠ  ᠶᠢᠨ ᠪᠠᠷᠢᠮᠵᠢᠶ᠎ᠠ ᠤᠩᠰᠢᠬᠤ ᠠᠷᠭ᠎ᠠ ᠢᠢ ᠳᠠᠭᠠᠯᠳᠣᠭᠣᠯᠪᠠ᠃

ᠴᠠᠭᠠᠨ ᠲᠤᠯᠤᠠᠭᠠᠢ ᠰᠣᠷᠣᠯᠴᠠᠬᠣ ᠰᠤᠹᠲ ᠢ ᠬᠡᠷᠡᠭᠯᠡᠨ ᠦᠵᠡᠬᠦ  ᠶᠢᠨ ᠳᠠᠭᠠᠣ ᠪᠢᠴᠢᠵᠥ ᠪᠤᠯᠬᠣ ᠲᠣᠯᠠ ᠬᠡᠥᠬᠡᠳ ᠳᠡᠯᠭᠡᠴᠡ ᠳᠡᠭᠡᠷᠡᠬᠢ ᠦᠰᠥᠭ ᠢ ᠦᠵᠡᠵᠦ ᠪᠠᠢᠭᠠᠳ ᠳᠠᠭᠣᠷᠢᠶᠠᠨ ᠪᠢᠴᠢᠵᠦ ᠪᠤᠯᠪᠠᠰᠣᠷᠠᠵᠣ ᠪᠤᠯᠬᠣ ᠲᠣᠯᠠ ᠬᠡᠦᠬᠡᠳ ᠤᠨ ᠰᠣᠷᠣᠯᠴᠠᠬᠣ ᠳᠣᠷ᠎ᠠ ᠰᠤᠨᠢᠷᠬᠠᠯ ᠢ ᠶᠡᠬᠡᠪᠡᠷ ᠳᠡᠭᠡᠭᠰᠢᠯᠡᠬᠥᠯᠳᠡᠭ᠃

ᠪᠠᠭᠤᠯᠭᠠᠬᠤ (iPhone)

(ᠡᠬᠢᠯᠡᠯᠳᠡ  ᠶᠢᠨ ᠺᠠᠷᠲ᠋ᠦᠨ ᠵᠢᠷᠣᠭ)

zmxx001

ᠺᠡᠷᠲ᠋ᠥᠨ ᠵᠢᠷᠣᠭ ᠤᠨ ᠬᠡᠯᠪᠡᠷᠢ ᠪᠡᠷ ᠬᠡᠥᠬᠡᠳ ᠤᠨ ᠠᠩᠬᠠᠷᠣᠯ ᠢ ᠲᠠᠳᠠᠵᠣ᠂ ᠰᠤᠹᠲ ᠤᠨ ᠰᠤᠨᠢᠷᠬᠠᠯᠲᠣ ᠴᠢᠨᠠᠷ ᠢ ᠳᠡᠭᠡᠭᠰᠢᠯᠡᠭᠥᠯᠳᠡᠭ᠃

(ᠭᠤᠤᠯ ᠨᠢᠭᠣᠷ)

zmxx002

ᠴᠠᠭᠠᠨ ᠲᠤᠯᠣᠭᠠᠢ ᠢᠢ ᠬᠤᠶᠠᠷ ᠶᠡᠬᠡ ᠲᠦᠷᠦᠯ ᠳ᠋ᠣ ᠬᠣᠪᠢᠶᠠᠪᠠ᠃

ᠨᠢᠭᠡᠳᠣᠭᠡᠷ ᠲᠦᠷᠦᠯ ᠨᠢ ᠳᠥᠭᠦᠮ ᠮᠥᠷᠳᠡᠭᠡᠨ ᠦᠷᠭᠥᠯᠵᠢ ᠳᠤᠬᠢᠶᠠᠯᠳᠣᠳᠠᠭ ᠴᠠᠭᠠᠨ ᠲᠤᠯᠣᠭᠠᠢ ᠪᠤᠯᠣᠨ᠎ᠠ᠃ ᠴᠠᠭᠠᠨ ᠲᠤᠯᠣᠭᠠᠢ ᠪᠥᠷᠢ  ᠶᠢᠨ ᠬᠡᠷᠡᠭᠯᠡᠭᠡᠨ ᠤ ᠪᠠᠢᠳᠠᠯ ᠢ ᠦᠨᠳᠥᠰᠦᠯᠡᠨ ᠬᠠᠷᠠᠭᠠᠯᠵᠠᠭᠰᠠᠨ ᠵᠢᠱᠢᠶ᠎ᠡ ᠦᠭᠡ ᠪᠠ ᠪᠣᠳᠠᠲᠣ ᠵᠢᠷᠣᠭ ᠢ ᠬᠠᠩᠭᠠᠭᠰᠠᠨ ᠮᠥᠷᠳᠡᠭᠡᠨ ᠡᠷᠡᠭᠲᠠᠢ  ᠶᠢᠨ ᠤᠩᠰᠢᠯᠭ᠎ᠠ ᠪᠠ ᠡᠮᠡᠭᠲᠠᠢ  ᠶᠢᠨ ᠤᠩᠰᠢᠯᠭ᠎ᠠ  ᠶᠢᠨ ᠪᠠᠷᠢᠮᠵᠢᠶ᠎ᠠ ᠤᠩᠰᠢᠬᠣ ᠠᠷᠭ᠎ᠠ ᠢᠢ ᠳᠠᠭᠠᠯᠳᠣᠭᠣᠯᠪᠠ᠃ ᠬᠤᠶᠠᠳᠣᠭᠠᠷ ᠲᠥᠷᠦᠯ ᠤᠨ ᠤᠯᠠᠩᠬᠢ ᠨᠢ ᠵᠤᠬᠢᠬᠣ ᠭᠦᠴᠢᠷᠳᠡᠯᠭᠡ ᠲᠠᠢ ᠵᠢᠭᠡᠯᠡᠭᠡ ᠦᠭᠡ ᠪᠤᠯᠣᠨ᠎ᠠ᠃ ᠠᠳᠠᠯᠢ ᠪᠡᠷ ᠴᠠᠭᠠᠨ ᠲᠤᠯᠣᠭᠠᠢ ᠪᠤᠯᠭᠠᠨ ᠤ ᠬᠡᠷᠡᠭᠯᠡᠭᠡᠨ ᠤ ᠪᠠᠢᠳᠠᠯ ᠢ ᠦᠨᠳᠦᠰᠦᠯᠡᠨ ᠬᠠᠷᠠᠭᠠᠯᠵᠠᠭᠰᠠᠨ ᠵᠢᠱᠢᠶ᠎ᠡ ᠦᠭᠡ ᠪᠠ ᠪᠣᠳᠠᠲᠣ ᠵᠢᠷᠣᠭ ᠢ ᠬᠠᠩᠭᠠᠭᠰᠠᠨ ᠮᠥᠷᠳᠡᠭᠡᠨ ᠡᠷᠡᠭᠲᠠᠢ  ᠶᠢᠨ ᠤᠩᠰᠢᠯᠭ᠎ᠠ ᠪᠠ ᠡᠮᠡᠭᠲᠠᠢ  ᠶᠢᠨ ᠤᠩᠰᠢᠯᠭ᠎ᠠ  ᠶᠢᠨ ᠪᠠᠷᠢᠮᠵᠢᠶ᠎ᠠ ᠤᠩᠰᠢᠬᠣ ᠠᠷᠭ᠎ᠠ ᠢᠢ ᠳᠠᠭᠠᠯᠳᠣᠭᠣᠯᠪᠠ᠃ ᠬᠠᠷᠠᠭᠠᠯᠵᠠᠭᠰᠠᠨ ᠪᠣᠳᠠᠲᠣ ᠵᠢᠱᠢᠶ᠎ᠡ ᠦᠭᠡ ᠦᠭᠡᠢ ᠴᠠᠭᠠᠨ ᠲᠤᠯᠣᠭᠠᠢ ᠳ᠋ᠣ ᠰᠤᠨᠢᠷᠬᠠᠯᠲᠣ ᠰᠠᠨᠠᠭᠠᠭᠣᠯᠣᠮᠵᠢ ᠦᠭᠭᠦᠳᠡᠭ᠃

(16 ᠵᠦᠢᠯ ᠤᠨ ᠦᠷᠭᠦᠯᠵᠢ ᠳᠤᠬᠢᠶᠠᠯᠳᠣᠳᠠᠭ ᠴᠠᠭᠠᠨ ᠲᠤᠯᠣᠭᠠᠢ  ᠶᠢᠨ ᠠᠢᠮᠠᠭ)

zmxx003

ᠨᠠᠷᠢᠨ ᠠᠭᠣᠯᠭ᠎ᠠ ᠢᠢ ᠲᠣᠰ ᠴᠠᠭᠠᠨ ᠲᠤᠯᠣᠭᠠᠢ  ᠶᠢᠨ ᠠᠢᠮᠠᠭ ᠢ ᠲᠤᠶᠢ᠍ᠬᠣ ᠪᠡᠷ ᠳᠠᠠᠮᠵᠢᠨ ᠦᠵᠡᠵᠣ ᠪᠤᠯᠣᠨ᠎ᠠ᠃

(ᠠ (a) ᠴᠠᠭᠠᠨ ᠲᠤᠯᠣᠭᠠᠢ ᠳ᠋ᠤ ᠵᠤᠬᠢᠴᠢᠭᠣᠯᠤᠭᠰᠠᠨ ᠵᠢᠷᠣᠭ ᠪᠤᠯᠤᠨ ᠤᠩᠰᠢᠯᠭ᠎ᠠ)

zmxx004

ᠡᠬᠡᠰᠢᠭ ᠭᠡᠢᠭᠦᠯᠦᠭᠴᠢ  ᠶᠢᠨ ᠦᠰᠦᠭ ᠲᠦ ᠤᠷᠣᠭᠰᠠᠨ ᠵᠢᠱᠢᠶ᠎ᠡ᠂ ᠵᠢᠷᠣᠭ ᠪᠤᠯᠣᠨ ᠪᠢᠴᠢᠬᠦ ᠠᠷᠭ᠎ᠠ

(ᠰᠠᠮᠪᠠᠷ)

zmxx005

ᠳᠣᠷ᠎ᠠ  ᠶᠢᠨ ᠪᠠᠢᠷᠢᠨ ᠳ᠋ᠥ ᠡᠯ᠎ᠡ ᠵᠦᠢᠯ ᠤᠨ ᠥᠩᠭᠡ ᠪᠡᠷ ᠦᠰᠦᠭ ᠪᠢᠴᠢᠵᠦ ᠪᠤᠯᠳᠠᠭ ᠮᠥᠷᠳᠡᠭᠡᠨ ᠪᠣᠷᠣᠭᠣ ᠪᠢᠴᠢᠪᠡᠯ ᠳᠡᠬᠢᠨ ᠪᠢᠴᠢᠵᠦ ᠪᠤᠯᠣᠨ᠎ᠠ᠃