ᠦᠯᠢᠭᠡᠷ ᠨᠡᠪᠲᠡᠷᠡᠭᠦᠯᠦᠭᠴᠢ

ᠦᠯᠢᠭᠡᠷ ᠨᠢ ᠦᠷᠭᠡᠨ ᠣᠯᠠᠨ ᠮᠣᠩᠭ᠋ᠣᠯᠴᠤᠳ  ᠦᠨ ᠰᠣᠶᠣᠯ ᠠᠮᠢᠳᠤᠷᠠᠯ ᠤᠨ ᠠᠷᠭ᠎ᠠ ᠪᠠᠷᠢᠯ ᠪᠣᠯᠬᠤ᠎ ᠪᠠᠷ ᠪᠠᠷᠠᠬᠤ ᠦᠭᠡᠢ᠂ ᠨᠡᠩ ᠴᠦ ᠲᠡᠳᠡᠨᠦᠰ ᠦᠨ ᠡᠷᠳᠡᠮ ᠮᠡᠳᠡᠯᠭᠡ ᠰᠤᠷᠤᠯᠴᠠᠬᠤ ᠪᠠ ᠰᠤᠷᠠᠭ ᠴᠢᠮᠡᠭᠡ ᠬᠦᠷᠲᠡᠬᠦ ᠭᠣᠣᠯ ᠠᠷᠭ᠎ᠠ ᠵᠠᠮ ᠪᠠᠢ᠌ᠵᠤ ᠂ ᠮᠤᠩᠭ᠋ᠤᠯᠴᠤᠳ ᠤᠨ ᠵᠢᠷᠦᠬᠡ ᠰᠡᠳᠭᠢᠯ ᠳᠦ ᠴᠢᠬᠤᠯᠠ ᠪᠠᠢ᠌ᠷᠢ ᠶᠢ ᠡᠵᠡᠯᠡᠳᠡᠭ᠃

20 ᠳ᠋ᠤᠭᠠᠷ ᠵᠠᠭᠤᠨ ᠤ ᠨᠠᠶᠠᠭᠠᠳ ᠣᠨ ᠡᠴᠡ ᠰᠡᠭᠦᠯᠡᠷ᠂ ᠨᠡᠯᠢᠶᠡᠳ ᠣᠯᠠᠨ ᠨᠡᠷᠡᠲᠡᠢ ᠦᠯᠢᠭᠡᠷᠴᠢᠨ ᠳᠠᠷᠠᠭ᠎ᠠ ᠪᠠᠷ ᠨᠠᠰᠤ ᠪᠠᠷᠠᠵᠤ᠂ ᠦᠯᠢᠭᠡᠷ ᠤᠯᠠᠮᠵᠢᠯᠠᠭᠴᠢ ᠨᠣᠴᠢᠲᠠᠢ ᠳᠤᠲᠠᠭᠳᠠᠭᠰᠠᠨ ᠪᠠ ᠠᠮᠢᠳᠤᠷᠠᠯ ᠤᠨ ᠠᠷᠭ᠎ᠠ ᠪᠠᠷᠢᠯ ᠤᠨ ᠬᠣᠪᠢᠷᠠᠯᠲᠠ ᠡᠴᠡ ᠪᠣᠯᠵᠤ᠂ ᠮᠤᠩᠭ᠋ᠤᠯᠴᠤᠳ ᠤᠨ ᠨᠠᠢ᠌ᠷ ᠨᠠᠭᠠᠳᠤᠮ ᠣᠯᠠᠨ ᠲᠦᠷᠦᠯᠰᠢᠬᠦ ᠪᠠ ᠣᠳᠤᠬᠢᠴᠢᠯᠠᠬᠤ ᠬᠠᠨᠳᠤᠰᠢ ᠲᠠᠢ ᠪᠣᠯᠵᠤ᠂ ᠤᠯᠠᠮᠵᠢᠯᠠᠯᠲᠤ ᠦᠯᠢᠭᠡᠷ ᠦᠨ ᠤᠷᠤᠰᠢᠨ ᠲᠣᠭᠲᠠᠨᠢᠬᠤ ᠪᠠ ᠬᠦᠭᠵᠢᠯᠲᠡ ᠳᠦ ᠬᠦᠨᠳᠦ ᠨᠣᠴᠢᠲᠠᠢ ᠬᠣᠬᠢᠷᠠᠯ ᠲᠤᠯᠭᠠᠷᠠᠵᠠᠢ᠃ ᠣᠳᠣᠬᠠᠨ ᠳᠤ ᠦᠯᠢᠭᠡᠷ ᠦᠨ ᠲᠣᠭᠯᠠᠯᠲᠠ ᠡᠳᠦᠷ ᠳᠣᠲᠤᠮ ᠪᠠᠭᠠᠰᠴᠤ᠂ ᠬᠦᠳᠡᠯᠭᠡᠭᠡᠨ ᠦ ᠪᠡᠬᠢᠯᠡᠯᠲᠡ ᠳᠤᠲᠠᠭᠳᠠᠵᠤ᠂ ᠤᠷᠠᠯᠢᠭᠴᠢᠳ ᠤᠨ ᠡᠩᠨᠡᠭᠡ ᠶᠠᠪᠤᠬᠤ ᠳᠣᠲᠤᠮ ᠢᠪᠴᠣᠷᠠᠭᠰᠠᠨ ᠪᠠᠢ᠌ᠳᠠᠯ ᠳᠣᠣᠷ᠎ᠠ᠂ ᠬᠦᠴᠦᠲᠡᠢ ᠠᠷᠭ᠎ᠠ ᠬᠡᠮᠵᠢᠶ᠎ᠡ ᠠᠪᠴᠤ ᠦᠯᠢᠭᠡᠷ ᠭᠡᠬᠦ ᠡᠨᠡᠬᠦ ᠮᠣᠩᠭᠣᠯ ᠦᠨᠳᠦᠰᠦᠲᠡᠨ ᠦ ᠰᠣᠶᠣᠯ ᠤᠨ ᠦᠪ ᠬᠦᠷᠦᠩᠭᠡ ᠶᠢ ᠬᠠᠮᠠᠭᠠᠯᠬᠤ ᠪᠠ ᠲᠡᠳᠭᠦᠬᠦ ᠨᠢ ᠲᠤᠯᠭᠠᠮ᠎ᠠ ᠠᠰᠠᠭᠤᠳᠠᠯ ᠪᠣᠯᠤᠭᠠᠳ ᠪᠠᠢ᠌ᠨ᠎ᠠ᠃

2006 ᠣᠨ ᠳᠤ ᠦᠯᠢᠭᠡᠷ ᠤᠷᠠᠯᠢᠭ ᠨᠢ ᠲᠦᠷᠦᠬᠦᠦ ᠨᠢᠭᠡ ᠪᠦᠯᠦᠭ ᠤᠯᠤᠰ ᠤᠨ ᠳᠡᠰ ᠦᠨ ᠪᠤᠳᠠᠰ ᠤᠨ ᠪᠤᠰᠤ ᠰᠣᠶᠣᠯ ᠤᠨ ᠦᠪ ᠬᠦᠷᠦᠩᠭᠡ ᠶᠢᠨ ᠨᠡᠷ᠎ᠡ ᠶᠢᠨ ᠵᠢᠭᠰᠠᠭᠠᠯ ᠳᠤ ᠤᠷᠤᠭᠰᠠᠨ ᠪᠠᠢ᠌ᠨ᠎ᠠ᠃ ᠡᠢ᠌ᠮᠦ ᠡᠴᠡ᠂ ᠣᠳᠣᠬᠢᠴᠢᠯᠠᠭᠰᠠᠨ ᠮᠡᠷᠭᠡᠵᠢᠯ ᠢᠶᠡᠷ ᠦᠯᠢᠭᠡᠷ ᠤᠷᠠᠯᠢᠭ ᠤᠨ ᠠᠭᠤᠯᠭ᠎ᠠ ᠪᠠ ᠬᠡᠪ ᠨᠠᠮᠪᠠ ᠶᠢ ᠬᠠᠮᠠᠭᠠᠯᠠᠬᠤ ᠨᠢ᠂ ᠮᠣᠩᠭᠣᠯ ᠋ᠤᠯ ᠦᠨᠳᠦᠰᠦᠲᠡᠨ ᠦ ᠪᠤᠳᠠᠰ ᠤᠨ ᠪᠤᠰᠤ ᠰᠣᠶᠣᠯ ᠤᠨ ᠦᠪ ᠬᠦᠷᠦᠩᠭᠡ ᠶᠢ ᠬᠠᠮᠠᠭᠠᠯᠠᠬᠤ᠂ ᠮᠣᠩᠭᠣᠯ ᠦᠨᠳᠦᠰᠦᠲᠡᠨ ᠦ ᠰᠢᠯᠢᠳᠡᠭ ᠰᠣᠶᠣᠯ ᠤᠷᠠᠯᠢᠭ ᠢ ᠤᠯᠠᠮᠵᠢᠯᠠᠬᠤ ᠪᠠ ᠪᠠᠳᠠᠷᠠᠭᠤᠯᠬᠤ ᠶᠢ ᠠᠬᠢᠭᠤᠯᠬᠤ᠂ ᠳᠡᠯᠡᠬᠡᠢ ᠶᠢᠨ ᠰᠣᠶᠣᠯ ᠤᠨ ᠣᠯᠠᠨ ᠲᠦᠷᠦᠯᠲᠦ ᠴᠢᠨᠠᠷ ᠢ ᠪᠠᠲᠤᠯᠠᠬᠤ ᠵᠡᠷᠭᠡ ᠲᠠᠯ᠎ᠠ ᠳᠤ ᠴᠢᠬᠤᠯᠠ ᠦᠢᠯᠡᠳᠦᠯ ᠦᠵᠡᠭᠦᠯᠬᠦ ᠨᠢ ᠯᠠᠪᠲᠠᠢ᠃

ᠮᠠᠨ ᠤ ᠺᠣᠮᠫᠠᠨᠢ ᠡᠴᠡ ᠦᠯᠢᠭᠡᠷ ᠤᠷᠠᠯᠢᠭ ᠢ ᠨᠡᠩ ᠰᠠᠢ᠌ᠨ ᠳᠡᠯᠭᠡᠷᠡᠭᠦᠯᠵᠦ ᠬᠦᠭᠵᠢᠭᠦᠯᠬᠦ ᠶᠢᠨ ᠲᠦᠯᠦᠭᠡ᠂ ᠣᠨᠴᠠᠭᠠᠢ᠌ᠯᠠᠨ ᠮᠣᠩᠭᠣᠯ ᠦᠯᠢᠭᠡᠷ ᠦᠨ ᠲᠠᠪᠴᠠᠩ ᠵᠢᠴᠢ ᠦᠯᠢᠭᠡᠷ ᠨᠡᠪᠲᠡᠷᠡᠭᠦᠯᠦᠭᠴᠢ ᠶᠢ ᠰᠤᠳᠤᠯᠤᠨ ᠡᠭᠦᠳᠦᠭᠰᠡᠨ ᠪᠠᠢ᠌ᠨ᠎ᠠ᠃ ᠣᠳᠣᠬᠠᠨ ᠳᠤ ᠪᠢᠳᠡ ᠵᠡᠭᠦᠨ ᠬᠡᠰᠡᠭ ᠦᠨ ᠮᠤᠩᠭ᠋ᠤᠯᠴᠤᠳ ᠤᠨ ᠳᠤᠷ᠎ᠠ ᠰᠣᠨᠢᠷᠬᠠᠯ ᠲᠠᠢ ᠮᠣᠩᠭᠣᠯ ᠦᠯᠢᠭᠡᠷ ᠦᠨ ᠡᠬᠢ ᠰᠣᠷᠪᠤᠯᠵᠢ ᠶᠢ ᠡᠮᠬᠢᠳᠭᠡᠵᠦ᠂ ᠠᠭᠠᠵᠢᠮ ᠢᠶᠡᠷ ᠡᠯ᠎ᠡ ᠭᠠᠵᠠᠷ ᠤᠨ ᠷᠠᠳᠢᠤ᠋ ᠲᠧᠯᠧᠢ᠍ᠰ ᠨᠡᠪᠲᠡᠷᠡᠭᠦᠯᠭᠡ ᠶᠢᠨ ᠨᠢᠭᠡᠴᠡ ᠲᠡᠢ ᠬᠠᠮᠲᠤᠷᠠᠨ ᠡᠯ᠎ᠡ ᠭᠠᠵᠠᠷ ᠣᠷᠤᠨ ᠤ ᠦᠯᠢᠭᠡᠷ ᠤᠷᠠᠯᠢᠭ ᠤᠨ ᠡᠬᠢ ᠰᠤᠷᠪᠤᠯᠵᠢ ᠶᠢ ᠡᠮᠬᠢᠳᠭᠡᠨ ᠴᠤᠭᠯᠠᠭᠤᠯᠵᠤ᠂ ᠷᠠᠳᠢᠤ᠋ ᠲᠧᠯᠧᠢ᠍ᠰ ᠨᠡᠪᠲᠡᠷᠡᠭᠦᠯᠭᠡ ᠶᠢᠨ ᠫᠷᠦᠭᠷᠠᠮ ᠲᠡᠢ ᠵᠡᠷᠭᠡ ᠳᠤ ᠨᠢ ᠰᠢᠨᠡᠳᠭᠡᠬᠦ ᠵᠡᠷᠭᠡ ᠠᠷᠭ᠎ᠠ ᠪᠠᠷ ᠳᠠᠮᠵᠢᠨ ᠮᠤᠩᠭ᠋ᠤᠯᠴᠤᠳ ᠤᠨ ᠰᠣᠶᠣᠯ ᠤᠨ ᠠᠮᠢᠳᠤᠷᠠᠯ ᠢ ᠡᠯᠪᠡᠭᠵᠢᠭᠦᠯᠵᠦ᠂ ᠮᠤᠩᠭ᠋ᠤᠯᠴᠤᠳ ᠤᠨ ᠦᠨᠳᠦᠰᠦᠲᠡᠨ ᠦ ᠤᠯᠠᠮᠵᠢᠯᠠᠯᠲᠤ ᠤᠷᠠᠯᠢᠭ ᠢ ᠵᠠᠯᠭᠠᠮᠵᠢᠯᠠᠬᠤ ᠪᠠᠷ ᠮᠡᠷᠡᠢ᠌ᠨ ᠴᠢᠷᠮᠠᠢ᠌ᠵᠤ ᠪᠠᠢ᠌ᠨ᠎ᠠ᠃

ᠪᠠᠭᠤᠯᠭᠠᠬᠤ (Android)

1 ᠲᠡᠷᠢᠭᠦᠨ ᠨᠢᠭᠤᠷ

mgwysp006

(1) ᠨᠢᠭᠡ ᠵᠢᠷᠤᠭ ᠨᠢ ᠨᠢᠭᠡ ᠦᠯᠢᠭᠡᠷ ᠢ ᠲᠦᠯᠦᠭᠡᠯᠡᠵᠦ᠂ ᠲᠡᠭᠦᠨ ᠢ ᠳᠠᠷᠤᠪᠠᠯ ᠲᠤᠰ ᠦᠯᠢᠭᠡᠷ ᠦᠨ ᠪᠦᠬᠦ ᠪᠦᠯᠦᠭ ᠦᠨ ᠭᠠᠷᠴᠠᠭ ᠢ ᠣᠯᠵᠤ ᠦᠵᠡᠨ᠎ᠡ᠃

(2) ᠵᠢᠷᠤᠭ ᠳᠡᠬᠢ ᠪᠠᠷᠠᠭᠤᠨ ᠲᠠᠯ᠎ᠠ ᠶᠢᠨ ᠬᠢᠨᠢ 《ᠨᠢᠭᠡᠨᠲᠡ ᠪᠠᠭᠤᠯᠭᠠᠭᠰᠠᠨ ᠦᠯᠢᠭᠡᠷ》 ᠭᠡᠬᠦ ᠳᠠᠷᠤᠪᠴᠢ᠂ ᠲᠤᠰ ᠳᠠᠷᠤᠪᠴᠢ ᠶᠢ ᠳᠠᠷᠤᠵᠤ ᠨᠢᠭᠡᠨᠲᠡ ᠪᠠᠭᠤᠯᠭᠠᠭᠰᠠᠨ ᠦᠯᠢᠭᠡᠷ ᠦᠳ ᠦᠨ ᠭᠠᠷᠴᠠᠭ ᠤᠨ ᠵᠢᠭᠰᠠᠭᠠᠯ ᠢ ᠦᠵᠡᠵᠦ ᠪᠣᠯᠤᠨ᠎ᠠ᠃

2 ᠦᠯᠢᠭᠡᠷ ᠢ ᠪᠦᠯᠦᠭ ᠬᠣᠪᠢᠶᠠᠵᠤ ᠨᠡᠪᠲᠡᠷᠡᠭᠦᠯᠬᠦ ᠵᠢᠭᠰᠠᠭᠠᠯ

mgwysp007

ᠦᠯᠢᠭᠡᠷ ᠢ ᠪᠦᠯᠦᠭ ᠬᠣᠪᠢᠶᠠᠵᠤ ᠨᠡᠪᠲᠡᠷᠡᠭᠦᠯᠬᠦ ᠵᠢᠬᠰᠠᠭᠠᠯ ᠨᠢ ᠨᠢᠭᠤᠷ ᠤᠨ ᠢᠯᠭᠠᠮᠵᠢ ᠶᠢ ᠦᠨᠳᠦᠰᠦᠯᠡᠵᠦ ᠨᠢᠭᠤᠷ ᠬᠣᠪᠢᠶᠠᠨ ᠢᠯᠡᠷᠡᠳᠡᠭ᠃ ᠦᠯᠢᠭᠡᠷ ᠦᠨ ᠪᠦᠯᠦᠭ ᠦᠨ ᠨᠡᠷ᠎ᠡ ᠶᠢ ᠳᠠᠷᠤᠵᠤ ᠦᠯᠢᠭᠡᠷ ᠢ ᠨᠡᠪᠲᠡᠷᠡᠭᠦᠯᠦᠨ᠎ᠡ᠃

ᠵᠢᠷᠤᠭ ᠤᠨ ᠬᠠᠮᠤᠭ ᠳᠣᠣᠷᠠᠬᠢ ᠨᠢ ᠨᠢᠭᠤᠷ ᠬᠣᠪᠢᠶᠠᠬᠤ ᠳᠠᠷᠤᠪᠴᠢ᠂ ᠨᠢᠭᠤᠷ ᠤᠨ ᠲᠣᠭ᠎ᠠ ᠶᠢ ᠳᠠᠷᠤᠬᠤ ᠪᠤᠶᠤ ᠳᠡᠯᠭᠡᠴᠡ ᠶᠢ ᠵᠡᠭᠦᠨᠰᠢ ᠪᠠᠷᠠᠭᠤᠨᠰᠢ ᠭᠤᠯᠭᠤᠭᠤᠯᠤᠨ ᠰᠢᠯᠵᠢᠭᠦᠯᠬᠦ ᠪᠡᠷ ᠳᠠᠮᠵᠢᠨ ᠨᠢᠭᠤᠷ ᠰᠣᠯᠢᠵᠤ ᠪᠣᠯᠤᠨ᠎ᠠ᠃

3 ᠨᠡᠪᠲᠡᠷᠡᠭᠦᠯᠬᠦ ᠵᠤᠯᠭᠠᠭᠤᠷ

ᠳᠡᠯᠭᠡᠴᠡ ᠶᠢᠨ ᠳᠤᠷ᠎ᠠ ᠶᠢᠨ ᠪᠠᠢ᠌ᠷᠢᠨ ᠳᠤ ᠳᠠᠷᠤᠪᠠᠯ ᠡᠵᠡᠮᠰᠢᠬᠦ ᠳᠠᠷᠤᠪᠴᠢ ᠢᠯᠡᠷᠡᠨ᠎ᠡ᠃

mgwysp008

ᠲᠦᠷᠦᠯ ᠠᠩᠭᠢᠯᠠᠯ᠄ 未分类.