ᠮᠣᠩᠭᠣᠯ ᠳᠠᠭᠤ ᠳᠦᠷᠰᠦ ᠰᠢᠩᠭᠡᠭᠡᠯᠲᠡ ᠵᠠᠬᠢᠶᠠᠯᠠᠨ ᠨᠡᠪᠲᠡᠷᠡᠭᠦᠯᠦᠭᠴᠢ

ᠮᠣᠩᠭᠣᠯ ᠦᠨᠳᠦᠰᠦᠲᠡᠨ ᠶᠡᠷᠦ ᠡᠴᠡ ᠳᠠᠭᠤᠤ ᠪᠦᠵᠢᠭ᠌ ᠲᠦ ᠠᠪᠢᠶᠠᠰ ᠲᠠᠢ ᠪᠠᠢ᠌ᠵᠤ᠂ ᠤᠷᠲᠤ ᠤᠳᠠᠭᠠᠨ ᠲᠡᠦᠬᠡ ᠶᠢᠨ ᠬᠦᠭ᠍ᠵᠢᠯᠲᠡ ᠶᠢᠨ ᠶᠠᠪᠤᠴᠠ ᠳᠠᠭᠠᠨ ᠡᠯᠪᠡᠭ᠌ ᠪᠠᠶᠠᠯᠢᠭ ᠳᠠᠭᠤᠤ ᠪᠦᠵᠢᠭ᠌ ᠦᠨ ᠡᠬᠢ ᠰᠣᠷᠪᠤᠯᠵᠢ ᠶᠢ ᠬᠤᠷᠠᠮᠳᠤᠭᠤᠯᠤᠭᠰᠠᠨ ᠪᠠᠢ᠌ᠨ᠎ᠠ᠃

ᠲᠣᠣᠷ ᠰᠦᠯᠵᠢᠶ᠎ᠡ ᠳᠡᠭᠡᠲᠦ ᠬᠡᠮᠵᠢᠶ᠎ᠡ ᠪᠡᠷ ᠬᠦᠭᠵᠢᠵᠦ᠂ ᠤᠶᠤᠨᠲᠤ ᠰᠢᠯᠵᠢᠮᠡᠯ ᠲᠦᠬᠦᠭᠡᠷᠦᠮᠵᠢ ᠮᠠᠯᠵᠢᠬᠤ ᠲᠠᠷᠢᠶᠠᠯᠠᠬᠤ ᠣᠷᠤᠨ ᠬᠦᠷᠲᠡᠯ᠎ᠡ ᠲᠦᠭᠡᠮᠡᠯᠵᠢᠭᠰᠡᠨ ᠦᠨᠦᠳᠦᠷ᠂ ᠲᠣᠣᠷ ᠰᠦᠯᠵᠢᠶ᠎ᠡ ᠪᠠ ᠤᠶᠤᠨᠲᠤ ᠰᠢᠯᠵᠢᠮᠡᠯ ᠲᠦᠬᠦᠭᠡᠷᠦᠮᠵᠢ ᠪᠡᠷ ᠳᠠᠭᠤ ᠳᠦᠷᠰᠦ ᠰᠢᠩᠭᠡᠭᠡᠯᠲᠡ ᠶᠢ ᠵᠠᠬᠢᠶᠠᠯᠠᠨ ᠨᠡᠪᠲᠡᠷᠡᠭᠦᠯᠬᠦ ᠬᠡᠷᠡᠭᠴᠡᠭᠡ ᠤᠯᠠᠮ ᠡᠴᠡ ᠤᠯᠠᠮ ᠨᠡᠮᠡᠭᠳᠡᠵᠦ᠂ ᠣᠨᠴᠠᠭᠠᠢ᠌ᠯᠠᠨ ᠮᠣᠩᠭᠣᠯ ᠢᠶᠡᠷ ᠡᠷᠢᠵᠦ ᠵᠠᠬᠢᠶᠠᠯᠬᠤ ᠬᠡᠷᠡᠭᠴᠡᠭᠡ ᠲᠤᠯᠭᠠᠮ᠎ᠠ ᠪᠠᠢ᠌ᠨ᠎ᠠ᠃

ᠮᠠᠨ ᠤ ᠺᠣᠮᠫᠠᠨᠢ ᠡᠴᠡ᠂ ᠡᠯ᠎ᠡ ᠵᠦᠢᠯ ᠦᠨ ᠲᠦᠬᠦᠭᠡᠷᠦᠮᠵᠢ ᠪᠠ ᠰᠢᠰᠲ᠋ᠧᠮ  ᠳᠡᠭᠡᠷ᠎ᠡ ᠣᠯᠠᠨ ᠤᠯᠤᠰ ᠤᠨ ᠪᠠᠷᠢᠮᠵᠢᠶᠠᠲᠤ ᠺᠣᠳ᠋(Unicode) ᠶ᠋ᠢᠡᠷ ᠮᠣᠩᠭᠣᠯ ᠦᠰᠦᠭ ᠪᠢᠴᠢᠭ᠌ ᠢ ᠰᠢᠢᠳᠪᠦᠷᠢᠯᠡᠬᠦ ᠮᠡᠷᠭᠡᠵᠢᠯ ᠳᠡᠭᠡᠨ ᠲᠦᠰᠢᠭᠯᠡᠵᠦ᠂ ᠮᠣᠩᠭᠣᠯ ᠳᠠᠭᠤ ᠳᠦᠷᠰᠦ ᠰᠢᠩᠭᠡᠭᠡᠯᠲᠡ ᠵᠠᠬᠢᠶᠠᠯᠠᠨ ᠨᠡᠪᠲᠡᠷᠡᠭᠦᠯᠦᠭᠴᠢ ᠶᠢ ᠰᠣᠳᠤᠯᠤᠨ ᠦᠢᠯᠡᠳᠪᠡ᠃ ᠮᠣᠩᠭᠣᠯ ᠳᠠᠭᠤ ᠳᠦᠷᠰᠦ ᠰᠢᠩᠭᠡᠭᠡᠯᠲᠡ ᠵᠠᠬᠢᠶᠠᠯᠠᠨ ᠨᠡᠪᠲᠡᠷᠡᠭᠦᠯᠦᠭᠴᠢ ᠶᠢ ᠮᠠᠨ ᠤ ᠳᠠᠭᠤᠤ ᠬᠦᠭᠵᠢᠮ ᠦᠨ ᠰᠦᠯᠵᠢᠶ᠎ᠡ ᠪᠡᠷ ᠳᠠᠮᠵᠢᠨ ᠵᠠᠬᠢᠶᠠᠯᠠᠬᠤ ᠪᠠ ᠪᠠᠭᠤᠯᠭᠠᠵᠤ᠂ ᠬᠡᠪᠯᠡᠯ ᠦᠨ ᠡᠷᠬᠡ ᠪᠦᠬᠦᠢ ᠳᠠᠭᠤ ᠳᠦᠷᠰᠦ ᠰᠢᠩᠭᠡᠭᠡᠯᠲᠡ ᠶᠢ ᠨᠡᠪᠲᠡᠷᠡᠭᠦᠯᠵᠦ᠂ ᠪᠠᠰᠠ ᠳᠡᠯᠭᠡᠴᠡ ᠳᠡᠭᠡᠷ᠎ᠡ ᠳᠠᠭᠤᠨ ᠤ ᠦᠭᠡ ᠶᠢ ᠵᠡᠷᠭᠡ ᠪᠡᠷ ᠦᠵᠡᠵᠦ ᠪᠣᠯᠤᠨ᠎ᠠ᠃

ᠪᠠᠭᠤᠯᠭᠠᠬᠤ (Android)

1 ᠲᠡᠷᠢᠭᠦᠨ ᠨᠢᠭᠤᠷ

mgwysp000

(1) ᠲᠤᠰ ᠨᠢᠭᠤᠷ ᠤᠨ ᠬᠠᠮᠤᠭ ᠳᠡᠭᠡᠷᠡᠬᠢ ᠨᠢᠭᠡ ᠮᠦᠷ ᠪᠣᠯ ᠳᠠᠭᠤ ᠳᠦᠷᠰᠦ ᠰᠢᠩᠭᠡᠭᠡᠯᠲᠡ ᠶᠢᠨ ᠲᠤᠰᠭᠠᠢ ᠡᠮᠬᠢᠳᠭᠡᠯ᠂ ᠲᠤᠷ᠎ᠠ ᠶᠢᠨ ᠨᠢᠭᠡᠨ ᠡᠮᠬᠢᠳᠭᠡᠯ ᠢ ᠳᠠᠷᠤᠵᠤ ᠲᠤᠰ ᠡᠮᠬᠢᠳᠭᠡᠯ ᠳᠡᠬᠢ ᠳᠠᠭᠤᠤ ᠳᠦᠷᠰᠦ ᠰᠢᠩᠭᠡᠭᠡᠯᠲᠡ ᠶᠢᠨ ᠵᠢᠭᠰᠠᠭᠠᠯ ᠢ ᠦᠵᠡᠵᠦ ᠪᠣᠯᠤᠨ᠎ᠠ᠃

(2)ᠲᠤᠰ ᠨᠢᠭᠤᠷ ᠤᠨ ᠳᠤᠮᠳᠠᠬᠢ ᠬᠡᠰᠡᠭ ᠲᠦ ᠴᠢᠳᠠᠮᠵᠢ ᠶᠢᠨ ᠪᠠᠭᠠᠷ ᠢ ᠵᠢᠭᠰᠠᠭᠠᠪᠠ᠃ ᠲᠤᠰ ᠪᠦᠷᠢ 《ᠳᠠᠭᠤᠤ ᠬᠦᠭᠵᠢᠮ ᠬᠠᠢ᠌ᠬᠤ》᠂ 《ᠰᠣᠨᠢᠷᠬᠠᠯ ᠲᠠᠢ ᠳᠠᠭᠤᠤ》᠂ 《ᠪᠠᠭᠤᠯᠭᠠᠭᠰᠠᠨ ᠳᠠᠭᠤᠤ》 ᠵᠡᠷᠭᠡ᠃ ᠪᠠᠭᠠᠷ ᠤᠨ ᠳᠠᠷᠤᠪᠴᠢ ᠶᠢ ᠳᠠᠷᠤᠪᠠᠯ ᠲᠡᠭᠦᠨ ᠲᠡᠢ ᠵᠣᠬᠢᠴᠠᠯᠳᠤᠭᠰᠠᠨ ᠴᠢᠳᠠᠮᠵᠢ ᠶᠢᠨ ᠨᠢᠭᠤᠷ ᠢᠯᠡᠷᠡᠨ᠎ᠡ᠃

2 ᠡᠮᠬᠢᠳᠭᠡᠯ ᠳᠡᠬᠢ ᠳᠠᠭᠤ ᠳᠦᠷᠰᠦ ᠰᠢᠩᠭᠡᠭᠡᠯᠲᠡ ᠶᠢᠨ ᠵᠢᠭᠰᠠᠭᠠᠯ

mgwysp001

ᠡᠮᠬᠢᠳᠭᠡᠯ ᠳᠡᠬᠢ ᠳᠠᠭᠤ ᠳᠦᠷᠰᠦ ᠰᠢᠩᠭᠡᠭᠡᠯᠲᠡ ᠶᠢᠨ ᠵᠢᠭᠰᠠᠭᠠᠯ ᠤᠨ ᠳᠤᠷ᠎ᠠ ᠶᠢᠨ ᠨᠢᠭᠡ ᠮᠦᠷ ᠢ ᠳᠠᠷᠤᠪᠠᠯ 《 ᠰᠢᠯᠭᠠᠨ ᠰᠣᠨᠤᠰᠬᠤ》᠂ 《ᠪᠠᠭᠤᠯᠭᠠᠬᠤ》 ᠳᠠᠷᠤᠪᠴᠢ ᠢᠯᠡᠷᠡᠨ᠎ᠡ᠃

3 ᠵᠠᠬᠢᠶᠠᠯᠠᠨ ᠨᠡᠪᠲᠡᠷᠡᠭᠦᠯᠬᠦ ᠨᠢᠭᠤᠷ

mgwysp002

mgwysp003

ᠵᠠᠬᠢᠶᠠᠯᠠᠨ ᠨᠡᠪᠲᠡᠷᠡᠭᠦᠯᠬᠦ ᠨᠢᠭᠤᠷ ᠲᠤ ᠬᠣᠶᠠᠷ ᠵᠤᠯᠭᠠᠭᠤᠷ ᠲᠠᠢ᠂ ᠭᠠᠷ ᠤᠲᠠᠰᠤ ᠶᠢᠨ ᠳᠡᠯᠭᠡᠴᠡ ᠶᠢᠨ ᠳᠤᠷ᠎ᠠ ᠶᠢᠨ ᠪᠠᠢ᠌ᠷᠢᠨ ᠳᠤ ᠳᠠᠷᠤᠵᠤ ᠬᠣᠶᠠᠷ ᠵᠤᠯᠭᠠᠭᠤᠷ ᠢ ᠰᠤᠯᠪᠢᠴᠠᠨ ᠦᠵᠡᠵᠦ ᠪᠣᠯᠤᠨ᠎ᠠ᠃ ᠨᠢᠭᠡ ᠨᠢ《ᠰᠢᠩᠭᠡᠭᠡᠯᠲᠡ ᠶᠢᠨ ᠬᠠᠪᠢᠰᠤ ᠪᠠ ᠡᠵᠡᠮᠰᠢᠬᠦ ᠳᠠᠷᠤᠪᠴᠢ》᠂ ᠨᠦᠭᠦᠭᠡ ᠨᠢ《ᠳᠠᠭᠤᠨ ᠤ ᠦᠭᠡ ᠶᠢᠨ ᠵᠤᠯᠭᠠᠭᠤᠷ》᠃

4 ᠨᠡᠪᠲᠡᠷᠡᠭᠦᠯᠬᠦ ᠨᠢᠭᠤᠷ ᠤᠨ ᠪᠠᠭᠠᠷ

mgwysp004

ᠨᠡᠪᠲᠡᠷᠡᠭᠦᠯᠬᠦ ᠨᠢᠭᠤᠷ ᠤᠨ ᠬᠠᠮᠤᠭ ᠳᠤᠤᠷ᠎ᠠ ᠲᠠᠯ᠎᠎ᠠ ᠳᠤ 《ᠮᠣᠷᠢᠨ ᠲᠣᠯᠤᠭᠠᠢ᠌ᠲᠤ ᠵᠢᠷᠤᠭ》 ᠪᠠᠢ᠌ᠵᠤ᠂ ᠲᠡᠭᠦᠨ ᠢ ᠳᠡᠭᠡᠭᠰᠢ ᠲᠠᠲᠠᠪᠠᠯ ᠳᠣᠣᠷᠠᠬᠢ ᠪᠠᠭᠠᠷ ᠢᠯᠡᠷᠡᠨ᠎ᠡ᠃

ᠪᠠᠭᠠᠷ ᠤᠨ ᠵᠡᠭᠦᠨ ᠡᠴᠡ ᠪᠠᠷᠠᠭᠤᠨᠰᠢ ᠲᠤᠰ ᠪᠦᠷᠢ 《ᠲᠡᠷᠢᠭᠦᠨ ᠨᠢᠭᠤᠷ ᠲᠤ ᠪᠤᠴᠠᠬᠤ》᠂ 《ᠣᠯᠠᠨ ᠬᠦᠮᠦᠰ ᠲᠦ ᠮᠡᠳᠡᠭᠦᠯᠬᠦ》᠂ 《ᠳᠠᠭᠤᠤ ᠪᠠᠭᠤᠯᠭᠠᠬᠤ》 ᠳᠠᠷᠤᠪᠴᠢ ᠪᠣᠯᠤᠨ᠎ᠠ᠃

5 ᠳᠠᠭᠤ ᠳᠦᠷᠰᠦ ᠰᠢᠩᠭᠡᠭᠡᠯᠲᠡ ᠶᠢ ᠡᠷᠢᠬᠦ ᠵᠤᠯᠭᠠᠭᠤᠷ

mgwysp005

ᠳᠠᠭᠤ ᠳᠦᠷᠰᠦ ᠰᠢᠩᠭᠡᠭᠡᠯᠲᠡ ᠶᠢ ᠡᠷᠢᠬᠦ ᠵᠤᠯᠭᠠᠭᠤᠷ ᠲᠤ ᠳᠠᠭᠤᠤ ᠶᠢᠨ ᠨᠡᠷ᠎ᠡ ᠡᠰᠡᠭᠦᠯ᠎ᠡ ᠳᠠᠭᠤᠴᠢᠨ ᠤ ᠨᠡᠷ᠎ᠡ ᠪᠡᠷ ᠳᠠᠮᠵᠢᠨ ᠳᠠᠭᠤ ᠳᠦᠷᠰᠦ ᠰᠢᠩᠭᠡᠭᠡᠯᠲᠡ ᠶᠢ ᠡᠷᠢᠵᠦ ᠪᠣᠯᠤᠨ᠎ᠠ᠃

ᠵᠢᠷᠤᠭ ᠳᠡᠬᠢ ᠵᠡᠭᠦᠨ ᠳᠣᠣᠷ᠎ᠠ ᠲᠠᠯ᠎᠎ᠠ ᠶᠢᠨ ᠳᠠᠷᠤᠪᠴᠢ ᠶᠢ ᠲᠠᠲᠠᠨ ᠭᠠᠷᠭᠠᠵᠤ ᠪᠣᠯᠤᠨ᠎ᠠ᠂ ᠡᠨᠡ ᠨᠢ ᠮᠣᠩᠭᠣᠯ ᠦᠰᠦᠭ ᠣᠷᠤᠭᠤᠯᠬᠤ ᠠᠷᠭ᠎ᠠ ᠶᠢᠨ ᠡᠵᠡᠮᠰᠢᠭᠴᠢ ᠮᠦᠨ᠃

ᠲᠦᠷᠦᠯ ᠠᠩᠭᠢᠯᠠᠯ᠄ 未分类.