ᠲᠡᠯᠡᠬᠡᠢ ᠺᠣᠮᠫᠠᠨᠢ ᠵᠢᠨ ᠦᠢᠯᠡᠴᠢᠯᠡᠭᠡᠨ ᠦ ᠬᠡᠯᠡᠯᠴᠡᠭᠡᠷ

ᠦᠢᠯᠡᠴᠢᠯᠡᠭᠡᠨ ᠦ ᠨᠥᠬᠦᠴᠡᠯ

ᠡᠷᠬᠢᠮ ᠲᠠ ᠲᠡᠯᠡᠬᠡᠢ ᠺᠣᠮᠫᠠᠨᠢ ᠦ ᠦᠢᠯᠡᠴᠢᠯᠡᠭᠡ ᠶᠢ ᠬᠦᠯᠢᠶᠡᠨ ᠠᠪᠬᠤ ᠪᠣᠯᠤᠭᠰᠠᠨ ᠳᠦ ᠴᠢᠩ ᠰᠡᠳᠭᠢᠯ ᠡᠴᠡ ᠪᠡᠨ ᠪᠠᠶᠠᠷᠯᠠᠵᠤ ᠪᠠᠢᠨ᠎ᠠ ᠃

ᠲᠡᠯᠡᠬᠡᠢ ᠺᠣᠮᠫᠠᠨᠢ ᠨᠢ ᠲᠠᠨ ᠳᠦ ᠳᠠᠷᠠᠭᠠᠬᠢ ᠨᠥᠬᠦᠴᠡᠯ ᠦᠨ ᠳᠠᠭᠠᠤ ᠦᠢᠯᠡᠴᠢᠯᠡᠬᠦ ᠪᠥᠭᠡᠳ ᠲᠡᠯᠡᠬᠡᠢ ᠺᠣᠮᠫᠠᠨᠢ ᠢᠶᠡᠷ ᠦᠢᠯᠡᠴᠢᠯᠡᠭᠦᠯᠦᠭᠴᠢᠳ ᠡᠨᠡ ᠬᠦ ᠦᠢᠯᠡᠴᠢᠯᠡᠭᠡᠨ ᠥ ᠨᠥᠬᠦᠴᠡᠯ ᠢ ᠪᠠᠷᠢᠮᠲᠠᠯᠠᠨ ᠦᠢᠯᠡᠴᠢᠯᠡᠭᠦᠯᠦᠨ᠎ᠡ ᠃

ᠡᠷᠬᠢᠮ ᠲᠠ ᠲᠤᠰ ᠬᠡᠯᠡᠯᠴᠡᠭᠡᠷ ᠢ ᠨᠠᠷᠢᠨ ᠬᠢᠨᠠᠮᠠᠭᠠᠢ ᠤᠩᠰᠢᠵᠤ ᠂ ᠡᠯ᠎ᠡ ᠵᠤᠷᠪᠤᠰ ᠦᠨ ᠠᠭᠤᠯᠭ᠎ᠠ ᠶᠢ ᠪᠦᠷᠢᠨ ᠣᠢᠯᠠᠭᠠᠵᠤ ᠬᠡᠷᠡᠭᠲᠡᠢ ᠃ ᠣᠨᠴᠠᠭᠠᠢᠯᠠᠨ ᠤᠰᠠᠳᠭᠠᠬᠤ ᠪᠤᠶᠤ ᠡᠭᠦᠷᠭᠡ ᠬᠠᠷᠢᠭᠤᠴᠠᠯᠭ᠎ᠠ ᠶᠢ ᠬᠢᠵᠠᠭᠠᠷᠯᠠᠬᠤ ᠵᠤᠷᠪᠤᠰ ᠂ ᠬᠠᠮᠢᠶᠠᠷᠤᠯᠲᠠ ᠵᠢᠨ ᠵᠠᠬᠢᠷᠭ᠎ᠠ ᠪᠠ ᠬᠠᠤᠯᠢ ᠵᠢᠨ ᠬᠡᠷᠡᠭᠴᠡᠭᠡᠨ ᠦ ᠵᠤᠷᠪᠤᠰ ᠵᠢᠴᠢ ᠪᠦᠷᠢᠳᠬᠡᠬᠦᠯᠬᠦ ᠪᠠ ᠬᠡᠷᠡᠭᠯᠡᠬᠦ ᠵᠠᠷᠢᠮ ᠦᠢᠯᠡᠴᠢᠯᠡᠭᠡᠨ ᠦ ᠲᠤᠰᠭᠠᠢ ᠬᠡᠯᠡᠯᠴᠡᠭᠡᠷ ᠢ ᠨᠠᠷᠢᠯᠢᠭ ᠤᠩᠰᠢᠬᠤ ᠬᠡᠷᠡᠭᠲᠡᠢ ᠃ ᠬᠢᠵᠠᠭᠠᠷᠯᠠᠬᠤ ᠪᠤᠶᠤ ᠬᠠᠷᠢᠭᠤᠴᠠᠯᠭ᠎ᠠ ᠶᠢ ᠦᠭᠡᠢᠰᠭᠡᠬᠦ ᠵᠤᠷᠪᠤᠰ ᠢ ᠬᠠᠷ᠎ᠠ ᠲᠢᠭ  ᠢᠶᠡᠷ ᠲᠣᠮᠤᠷᠠᠭᠤᠯᠵᠤ ᠪᠤᠶᠤ ᠳᠣᠣᠷ᠎ᠠ ᠨᠢ ᠵᠢᠷᠤᠭᠠᠰᠤ ᠲᠠᠲᠠᠭᠰᠠᠨ ᠬᠡᠯᠪᠡᠷᠢ ᠪᠡᠷ ᠢᠯᠡᠷᠬᠡᠢᠯᠡᠨ ᠲᠠᠨ ᠳᠦ ᠣᠨᠴᠠᠯᠠᠨ ᠠᠩᠬᠠᠷᠤᠭᠤᠯᠤᠭᠰᠠᠨ ᠶᠤᠮ ᠃ ᠲᠠ ᠬᠡᠷᠪᠡ ᠲᠤᠰ ᠬᠡᠯᠡᠯᠴᠡᠭᠡᠷ ᠦᠨ ᠡᠯ᠎ᠡ ᠵᠤᠷᠪᠤᠰ ᠢ ᠤᠩᠰᠢᠭ᠎ᠠ ᠦᠭᠡᠢ ᠪᠤᠶᠤ ᠬᠦᠯᠢᠶᠡᠨ ᠵᠥᠪᠰᠢᠶᠡᠷᠡᠭᠰᠡᠨ ᠦᠭᠡᠢ ᠪᠣᠯ ᠲᠡᠯᠡᠬᠡᠢ ᠺᠣᠮᠫᠠᠨᠢ ᠦ ᠦᠢᠯᠡᠴᠢᠯᠡᠭᠡ ᠶᠢ ᠬᠡᠷᠡᠭᠯᠡᠬᠦ ᠡᠷᠬᠡ ᠦᠭᠡᠢ ᠃ ᠲᠠ ᠡᠳᠡᠭᠡᠷ ᠵᠤᠷᠪᠤᠰ ᠢ ᠤᠩᠰᠢᠵᠤ ᠳᠠᠭᠤᠰᠤᠭᠰᠠᠨ ᠪᠤᠶᠤ ᠬᠦᠯᠢᠶᠡᠨ ᠵᠥᠪᠰᠢᠶᠡᠷᠡᠭᠰᠡᠨ  ᠦ ᠳᠠᠷᠠᠭ᠎ᠠ ᠰᠠᠶᠢ ᠲᠡᠯᠡᠬᠡᠢ ᠺᠣᠮᠫᠠᠨᠢ ᠦ ᠦᠢᠯᠡᠴᠢᠯᠡᠭᠡ ᠶᠢ ᠬᠡᠷᠡᠭᠯᠡᠵᠦ ᠪᠣᠯᠤᠨ᠎ᠠ ᠃ ᠬᠡᠷᠪᠡ ᠲᠠ ᠪᠦᠬᠦᠯᠢ ᠠᠷᠪᠠᠨ ᠨᠠᠢ᠍ᠮᠠᠨ ᠨᠠᠰᠤ ᠬᠥᠷᠦᠭᠡ ᠦᠭᠡᠢ ᠪᠣᠯ ᠂ ᠬᠠᠤᠯᠢ ᠵᠢᠨ ᠬᠠᠷᠠᠭᠠᠯᠵᠠᠨ ᠬᠠᠮᠠᠭᠠᠯᠠᠭᠴᠢ ᠵᠢᠨ ᠢᠶᠡᠨ ᠬᠠᠪᠰᠤᠷᠤᠯᠭ᠎ᠠ ᠪᠡᠷ ᠲᠤᠰ ᠬᠡᠯᠡᠯᠴᠡᠭᠡᠷ ᠢ ᠤᠩᠰᠢᠬᠤ ᠬᠡᠷᠡᠭᠲᠡᠢ ᠃ ᠣᠨᠴᠠᠭᠠᠢᠯᠠᠨ ᠨᠠᠰᠤᠨ ᠳᠦ ᠦᠯᠦ ᠬᠦᠷᠦᠭᠰᠡᠳ ᠲᠤᠰ ᠬᠡᠯᠡᠯᠴᠡᠭᠡᠷ ᠢ ᠬᠡᠷᠡᠭᠯᠡᠵᠦ ᠪᠣᠯᠬᠤ ᠦᠭᠡᠢ ᠶᠢ ᠠᠩᠬᠠᠷᠤᠭᠤᠯᠵᠤ ᠪᠤᠢ ᠃

ᠨᠢᠭᠡ ᠬᠡᠯᠡᠯᠴᠡᠭᠡᠷ ᠦᠨ ᠬᠦᠷᠢᠶ᠎ᠡ ᠬᠡᠪᠴᠢᠶ᠎ᠡ

1.1 ᠲᠤᠰ ᠬᠡᠯᠡᠯᠴᠡᠭᠡᠷ ᠪᠣᠯ ᠬᠡᠷᠡᠭᠯᠡᠭᠴᠢ ᠪᠤᠯᠤᠨ ᠲᠡᠯᠡᠬᠡᠢ ᠺᠣᠮᠫᠠᠨᠢ ᠦ ᠬᠣᠭᠤᠷᠤᠨᠳᠤ  ᠪᠡᠨ ᠲᠣᠭᠲᠠᠭᠠᠭᠰᠠᠨ ᠂ ᠬᠡᠷᠡᠭᠯᠡᠭᠴᠢ ᠨᠢ ᠲᠡᠯᠡᠬᠡᠢ ᠺᠣᠮᠫᠠᠨᠢ ᠦ ᠬᠣᠯᠪᠤᠭᠳᠠᠯ ᠪᠦᠬᠦᠢ ᠦᠢᠯᠡᠴᠢᠯᠡᠭᠡ ᠶᠢ ᠠᠰᠢᠭᠯᠠᠬᠤ ᠲᠤᠬᠠᠢ ᠬᠡᠯᠡᠯᠴᠡᠭᠡᠷ ᠪᠣᠯᠤᠨ᠎ᠠ ᠃ ᠲᠡᠯᠡᠬᠡᠢ ᠺᠣᠮᠫᠠᠨᠢ ᠪᠣᠯ ᠲᠡᠯᠡᠬᠡᠢ ᠺᠣᠮᠫᠠᠨᠢ ᠪᠤᠯᠤᠨ ᠬᠠᠮᠢᠶ᠎ᠠ ᠪᠦᠬᠦᠢ ᠦᠢᠯᠡᠴᠢᠯᠡᠭᠡᠨ ᠦ ᠡᠵᠡᠩᠨᠡᠯᠲᠡ ᠵᠢᠨ ᠪᠠᠢᠭᠤᠯᠭ᠎ᠠ ᠨᠢᠭᠡᠴᠢ ᠶᠢ ᠵᠢᠭᠠᠵᠤ ᠪᠠᠢᠨ᠎ᠠ ᠃ ᠬᠡᠷᠡᠭᠯᠡᠭᠴᠢ ᠭᠡᠳᠡᠭ ᠨᠢ ᠲᠡᠯᠡᠬᠡᠢ ᠺᠣᠮᠫᠠᠨᠢ ᠦ ᠦᠢᠯᠡᠴᠢᠯᠡᠭᠡ ᠶᠢ ᠬᠡᠷᠡᠭᠯᠡᠬᠦ ᠬᠥᠮᠦᠨ ᠢ ᠵᠢᠭᠠᠵᠤ ᠪᠠᠢᠨ᠎ᠠ ᠂ ᠲᠤᠰ ᠬᠡᠯᠡᠯᠴᠡᠭᠡᠷ ᠲᠤ ᠣᠯᠠᠩᠬᠢ ᠳᠦ ᠪᠡᠨ ︽ ᠲᠠ ︾ ᠬᠡᠮᠡᠨ ᠬᠡᠯᠡᠵᠦ ᠪᠤᠢ ᠃

1.2 ᠲᠤᠰ ᠬᠡᠯᠡᠯᠴᠡᠭᠡᠷ  ᠲᠠᠬᠢ ᠦᠢᠯᠡᠴᠢᠯᠡᠭᠡ ᠨᠨᠢ ᠲᠡᠯᠡᠬᠡᠢ ᠺᠣᠮᠫᠠᠨᠢ ᠡᠴᠡ ᠬᠡᠷᠡᠭᠯᠡᠭᠴᠢ ᠳᠦ ᠬᠠᠩᠭᠠᠭᠰᠠᠨ ᠂ ᠨᠡᠪᠲᠡᠷᠡᠯᠴᠡᠭᠡ ᠂ ᠰᠦᠯᠵᠢᠶᠡᠨ ᠦ ᠮᠢᠳᠢᠶᠠ ᠂ ᠨᠧᠲ ᠦᠨ ᠥᠷᠲᠡᠭ ᠦᠨ ᠨᠡᠮᠡᠭᠳᠡᠯ ᠂ ᠲᠣᠭᠯᠠᠭᠠᠮ ᠂ ᠴᠠᠬᠢᠮ ᠬᠤᠳᠠᠯᠳᠤᠭ᠎ᠠ ᠪᠠ ᠵᠠᠷ ᠮᠡᠳᠡᠭᠡ ᠵᠡᠷᠭᠡ ᠪᠦᠲᠦᠭᠡᠭᠳᠡᠬᠦᠨ ᠪᠠ ᠦᠢᠯᠡᠴᠢᠯᠡᠭᠡ ᠶᠢ ᠪᠠᠭᠲᠠᠭᠠᠬᠤ ᠪᠥᠭᠡᠳ ᠵᠥᠪᠬᠡᠨ ᠡᠳᠡᠭᠡᠷ ᠵᠦᠢᠯ ᠢᠶᠡᠷ ᠬᠢᠵᠠᠭᠠᠷᠯᠠᠭᠳᠠᠬᠤ ᠦᠭᠡᠢ ᠃

1.3 ᠲᠤᠰ ᠬᠡᠯᠡᠯᠴᠡᠭᠡᠷ ᠦᠨ ᠠᠭᠤᠯᠭ᠎ᠠ ᠳᠦ ᠪᠠᠰᠠ DelehiChime ᠳ᠋ᠤᠭᠠᠷ ᠦᠨ ᠲᠦᠷᠢᠮ ᠪᠠ ᠬᠤᠪᠢ ᠵᠢᠨ ᠨᠢᠭᠤᠴᠠ ᠵᠢᠨ ᠪᠠᠲᠤᠯᠠᠭ᠎ᠠ ᠶᠢ ᠪᠠᠭᠲᠠᠨ᠎ᠠ ᠃ ᠭᠡᠪᠡᠴᠦ ᠬᠡᠷᠡᠭᠯᠡᠭᠴᠢ ᠲᠡᠯᠡᠬᠡᠢ ᠺᠣᠮᠫᠠᠨᠢ ᠦ ᠣᠨᠴᠠᠭᠠᠢ ᠨᠢᠭᠡᠨ ᠦᠢᠯᠡᠴᠢᠯᠡᠭᠡ ᠶᠢ ᠬᠡᠷᠡᠭᠯᠡᠬᠦ ᠦᠶᠡᠰ ᠲᠤ ᠥᠭᠡᠷ᠎ᠡ ᠨᠢᠭᠡᠨ ᠲᠤᠰᠭᠠᠢ ᠬᠡᠯᠡᠯᠴᠡᠭᠡᠷ ᠪᠠ ᠲᠤᠬᠠᠢᠯᠠᠭᠰᠠᠨ ᠠᠵᠢᠯ ᠦᠨ ᠬᠣᠯᠪᠤᠭᠳᠠᠯ ᠪᠦᠬᠦᠢ ᠲᠦᠷᠢᠮ ᠲᠣᠭᠲᠠᠬᠤ ᠪᠣᠯᠤᠮᠵᠢ ᠲᠠᠢ ᠃ ᠡᠢᠮᠦᠷᠬᠦᠤ ᠠᠭᠤᠯᠭ᠎ᠠ ᠨᠢ ᠨᠢᠭᠡᠨᠲᠡ ᠵᠢᠩᠬᠢᠨᠢ ᠪᠡᠷ ᠨᠡᠢᠲᠡᠯᠡᠭᠳᠡᠭᠰᠡᠨ ᠪᠣᠯ ᠲᠤᠰ ᠬᠡᠯᠡᠯᠴᠡᠭᠡᠷ ᠦᠨ ᠰᠠᠯᠵᠤ ᠪᠣᠯᠤᠰᠢ ᠦᠭᠡᠢ ᠬᠡᠰᠡᠭ ᠪᠣᠯᠬᠤ ᠤᠴᠢᠷ ᠡᠴᠡ ᠲᠠ ᠮᠥᠨ ᠴᠤ ᠠᠳᠠᠯᠢᠬᠠᠨ ᠢᠶᠡᠷ ᠵᠢᠷᠤᠮᠯᠠᠨ ᠲᠠᠭᠠᠬᠤ ᠬᠡᠷᠡᠭᠲᠡᠢ ᠃ ᠲᠠ ᠲᠦᠷᠦᠭᠦᠴᠢ ᠵᠢᠨ ᠶᠠᠷᠢᠭᠰᠠᠨ ᠨᠢᠭᠡ ᠲᠤᠬᠠᠢᠯᠠᠭᠰᠠᠨ ᠠᠵᠢᠯ ᠦᠨ ᠲᠦᠷᠢᠮ ᠂ ᠳᠤᠰᠠᠭᠠᠷ ᠬᠡᠯᠡᠯᠴᠡᠭᠡᠷ ᠵᠡᠷᠭᠡ ᠶᠢ ᠴᠥᠮ ᠢ ᠬᠦᠯᠢᠶᠡᠨ ᠵᠦᠪᠰᠢᠶᠡᠷᠡᠪᠯ ᠰᠠᠶᠢ ᠡᠨᠡ ᠬᠦ ᠪᠦᠬᠦ ᠭᠡᠷ᠎ᠡ ᠶᠢ ᠬᠦᠯᠢᠶᠡᠨ ᠵᠥᠪᠰᠢᠶᠡᠷᠡᠭᠰᠡᠨ ᠳᠦ ᠲᠣᠭᠠᠴᠠᠭᠳᠠᠨ᠎ᠠ ᠃

ᠬᠣᠶᠠᠷ ᠳᠠᠩᠰᠠᠨ ᠦ ᠳ᠋ᠤᠭᠠᠷ ᠪᠠ ᠨᠢᠭᠤᠴᠠ ᠳ᠋ᠤᠭᠠᠷ ᠦᠨ ᠠᠶᠤᠯ ᠦᠭᠡᠢ ᠪᠠᠢᠳᠠᠯ

2.1 ᠲᠡᠯᠡᠬᠡᠢ ᠺᠣᠮᠫᠠᠨᠢ ᠦ ᠦᠢᠯᠡᠴᠢᠯᠡᠭᠡ ᠶᠢ ᠬᠡᠷᠡᠭᠯᠡᠬᠦ ᠦᠶ᠎ᠡ ᠳᠦ ᠡᠷᠬᠡᠪᠰᠢ ᠨᠢᠭᠡ ᠲᠠᠩᠰᠠ ᠪᠦᠷᠢᠳᠬᠡᠬᠦᠯᠬᠦ ᠬᠡᠷᠡᠭᠲᠡᠢ ᠃ ᠲᠠ ᠳᠠᠩᠰᠠᠨ ᠳ᠋ᠤᠭᠠᠷ ᠢᠶᠡᠨ ᠬᠡᠷᠡᠭᠯᠡᠬᠦ  ᠳᠦ ᠪᠡᠨ DelehiChime ᠳ᠋ᠤᠭᠠᠷ ᠦᠨ ᠲᠦᠷᠢᠮ ᠲᠣᠭᠲᠠᠭᠠᠯ ᠪᠠ ᠲᠤᠰᠭᠠᠢ ᠬᠡᠯᠡᠯᠴᠡᠭᠡᠷ ᠢ ᠵᠢᠷᠤᠮᠯᠠᠬᠤ ᠬᠡᠷᠡᠭᠲᠡᠢ ᠃

2.2 ᠡᠷᠬᠢᠮ ᠲᠠᠨ ᠳ᠋ᠦᠤᠨᠴᠠᠯᠠᠨ ᠰᠠᠨᠠᠭᠤᠯᠬᠤ ᠨᠢᠭᠡᠨ ᠵᠦᠢᠯ ᠭᠡᠪᠡᠯ ᠲᠠ ᠪᠦᠷᠢᠳᠬᠡᠬᠦᠯᠦᠭᠰᠡᠨ ᠳᠠᠩᠰᠠᠨ ᠳ᠋ᠤᠭᠠᠷ ᠪᠠ ᠨᠢᠭᠤᠴᠠ ᠳ᠋ᠤᠭᠠᠷ ᠢᠶᠡᠨ ᠣᠨᠴᠠᠯᠠᠨ ᠨᠢᠭᠤᠴᠠᠯᠠᠬᠤ ᠬᠡᠷᠡᠭᠲᠡᠢ ᠃ ᠬᠡᠷᠡᠭᠯᠡᠵᠦ ᠪᠠᠷᠠᠭᠰᠠᠨ ᠦ ᠪᠡᠨ ᠳᠠᠷᠠᠭ᠎ᠠ ᠡᠷᠬᠡᠪᠰᠢ ᠪᠤᠴᠠᠭᠠᠬᠤ ᠬᠡᠷᠡᠭᠲᠡᠢ ᠃ ᠬᠡᠷᠪᠡ ᠲᠠ ᠥᠪᠡᠷ ᠦᠨ ᠳᠠᠩᠰᠠᠨ ᠳ᠋ᠤᠭᠠᠷ ᠢᠶᠡᠨ ᠰᠠᠢᠲᠤᠷ ᠨᠢᠭᠤᠴᠠᠯᠠᠬᠤᠦᠬᠡᠢ ᠡᠴᠡ ᠪᠡᠨ ᠪᠣᠯᠤᠭᠠᠳ ᠮᠠᠷᠲᠠᠵᠤ ᠭᠡᠭᠡᠬᠦ ᠪᠤᠶᠤ ᠪᠤᠰᠤᠳ ᠲᠤ ᠬᠤᠯᠠᠭᠠᠢᠯᠠᠭᠳᠠᠬᠤ  ᠳᠦ ᠬᠦᠷᠪᠡᠯ ᠬᠠᠷᠢᠭᠤᠴᠠᠯᠭ᠎ᠠ ᠪᠡᠨ ᠥᠪᠡᠷ ᠢᠶᠡᠨ ᠡᠬᠦᠷᠬᠡᠯᠡᠨ᠎ᠡ ᠃

ᠭᠤᠷᠪᠠ ᠬᠡᠷᠡᠭᠯᠡᠭᠴᠢ ᠵᠢᠨ ᠬᠤᠪᠢ ᠵᠢᠨ ᠮᠡᠳᠡᠭᠡᠯᠡᠯ  ᠦᠨ ᠨᠢᠭᠤᠴᠠᠯᠠᠯ

3.1 ᠲᠡᠯᠡᠬᠡᠢ ᠺᠣᠮᠫᠠᠨᠢ ᠦ ᠦᠢᠯᠡᠴᠢᠯᠡᠭᠡ ᠨᠢ ᠬᠤᠪᠢ ᠵᠢᠨ ᠮᠡᠳᠡᠭᠡᠯᠡᠯ ᠦᠨ ᠨᠢᠭᠤᠴᠠᠯᠠᠯ ᠢ ᠡᠩ ᠲᠡᠷᠢᠭᠦᠨ ᠳᠤ ᠴᠢᠬᠤᠯᠠᠴᠢᠯᠠᠨ ᠦᠵᠡᠵᠦ ᠂ ᠬᠠᠯᠳᠠᠰᠢ ᠦᠭᠡᠢ ᠪᠠᠢᠳᠠᠯ ᠢ ᠪᠦᠬᠦᠢ ᠯᠠ ᠰᠦᠯᠵᠢᠶᠡᠨ ᠦ ᠬᠠᠷᠢᠯᠴᠠᠭᠠᠨ ᠳᠤ ᠪᠦᠷᠢᠨ ᠬᠠᠩᠭᠠᠳᠠᠭ ᠃ ᠪᠢᠳᠡ ᠮᠠᠨ ᠤ ᠳᠦ ᠬᠠᠷᠢᠶᠠᠯᠠᠭᠳᠠᠳᠠᠭ ᠦᠭᠡᠢ ᠪᠤᠰᠤᠳ ᠺᠣᠮᠫᠠᠨᠢ ᠬᠤᠪᠢ ᠬᠥᠮᠦᠰ ᠦᠨ ᠦᠢᠯᠡᠴᠢᠯᠡᠭᠡᠨ ᠳᠤ ᠶᠠᠮᠠᠷ ᠨᠢᠭᠡᠨ ᠪᠠᠲᠤᠯᠠᠭ᠎ᠠ ᠥᠭᠬᠦ ᠦᠭᠡᠢ ᠂ ᠲᠠ ᠮᠠᠨ ᠤ ᠴᠠᠬᠢᠮ ᠬᠠᠭᠤᠳᠠᠰᠤ ᠪᠡᠷ ᠦᠢᠯᠡᠴᠢᠯᠡᠭᠦᠯᠵᠦ ᠮᠠᠨ ᠤ ᠦᠢᠯᠡᠴᠢᠯᠡᠭᠦᠯᠦᠭᠴᠢ ᠪᠣᠯᠬᠤ  ᠨᠢ ᠳᠠᠷᠠᠭᠠᠬᠢ ᠨᠢᠭᠤᠴᠠᠯᠠᠯ ᠤᠨ ᠪᠠᠲᠤᠯᠠᠭ᠎ᠠ ᠶᠢ ᠬᠦᠯᠢᠶᠡᠨ ᠵᠥᠪᠰᠢᠶᠡᠷᠡᠭᠰᠡᠨ ᠥ ᠢᠯᠡᠷᠡᠯ ᠶᠤᠮ ᠃ ᠲᠠ ᠲᠡᠯᠡᠬᠡᠢ ᠺᠣᠮᠫᠠᠨᠢ ᠢᠶᠡᠷ ᠦᠢᠯᠡᠴᠢᠯᠡᠭᠦᠯᠬᠦ ᠳᠡᠭᠡᠨ ᠲᠠᠭᠯᠠᠭᠰᠠᠨ ᠮᠡᠳᠡᠭᠡᠯᠡᠯ ᠮᠠᠨ ᠤ ᠮᠡᠳᠡᠭᠡᠯᠡᠯ ᠦᠨ ᠲᠥᠪ ᠲᠤ ᠠᠶᠤᠯ ᠦᠭᠡᠢ ᠪᠡᠷ ᠬᠠᠳᠠᠭᠠᠯᠠᠭᠳᠠᠬᠤ ᠪᠣᠯᠤᠨ᠎ᠠ ᠃ ᠲᠠ ᠥᠪᠡᠷ ᠢᠶᠡᠨ ᠬᠦᠰᠡᠬᠦ ᠶᠤᠮ ᠪᠣᠯ ᠵᠠᠢᠯᠠᠰᠢ ᠦᠭᠡᠢ ᠣᠷᠤᠭᠤᠯᠬᠤ ᠶᠣᠰᠤᠲᠠᠢ ᠮᠡᠳᠡᠭᠡᠯᠡᠯ ᠡᠴᠡ ᠪᠤᠰᠤᠳ ᠵᠠᠷᠢᠮ ᠨᠢᠭᠡ ᠮᠡᠳᠡᠭᠡᠯᠡᠯ ᠢ ᠣᠷᠤᠭᠤᠯᠬᠤ ᠦᠭᠡᠢ ᠪᠠᠢᠵᠤ ᠪᠣᠯᠬᠤ ᠪᠣᠯᠪᠠᠴᠤ ᠡᠨᠡ  ᠨᠢ ᠲᠠᠨ ᠢ ᠮᠠᠨ ᠤ ᠰᠦᠯᠵᠢᠶᠡᠨ ᠦ ᠤᠯᠠᠨ ᠳᠠᠪᠠᠭᠤ ᠲᠠᠯ᠎ᠠ ᠨᠤᠭᠤᠳ ᠢ ᠠᠰᠢᠭᠯᠠᠬᠤ ᠳᠦ ᠰᠠᠭᠠᠳ ᠪᠣᠯᠬᠤ ᠮᠠᠭᠠᠳᠯᠠᠯ ᠲᠠᠢ ᠃ ᠪᠢᠳᠡ ᠲᠠᠨ ᠤ ᠣᠷᠤᠭᠤᠯᠤᠭᠰᠠᠨ ᠮᠡᠳᠡᠭᠡᠯᠡᠯ ᠢ ᠵᠥᠪᠬᠡᠨ ᠲᠠᠨ ᠳᠦ ᠲᠤᠰᠠᠲᠠᠢ ᠨᠥᠬᠦᠴᠡᠯ ᠢᠶᠡᠷ ᠪᠤᠶᠤ ᠲᠠᠨ ᠤ ᠬᠦᠰᠡᠯᠲᠡᠨ ᠳᠦ ᠬᠠᠷᠢᠭᠤᠯᠬᠤ ᠂ ᠲᠤᠬᠠᠢ ᠶᠢᠨ ᠦᠢᠯᠡᠴᠢᠯᠡᠭᠡ ᠶᠢ ᠦᠵᠡᠭᠦᠯᠬᠦ ᠳᠤ ᠪᠤᠯᠤᠨ ᠲᠠᠨ ᠲᠠᠢ ᠬᠣᠯᠪᠤᠭ᠎ᠠ ᠪᠠᠷᠢᠬᠤ ᠵᠡᠷᠭᠡ ᠳᠤ ᠠᠰᠢᠭᠯᠠᠨ᠎ᠠ ᠃ ᠮᠥᠨ ᠲᠠ ᠥᠪᠡᠷ ᠢᠶᠡᠨ ᠣᠷᠤᠭᠤᠯᠤᠭᠰᠠᠨ ᠮᠡᠳᠡᠭᠡᠯᠡᠯ ᠢᠶᠡᠨ ᠬᠡᠵᠢᠶ᠎ᠡ  ᠴᠦ ᠬᠠᠷᠠᠵᠤ ᠥᠭᠡᠷᠡᠴᠢᠯᠡᠬᠦ ᠪᠤᠯᠤᠮᠵᠢᠲᠠᠢ ᠃ ᠮᠥᠨ ᠥᠪᠡᠷ ᠦᠨ ᠣᠷᠤᠭᠤᠯᠤᠭᠰᠠᠨ ᠮᠡᠳᠡᠭᠡᠯᠡᠯ ᠦᠳ ᠡᠴᠡ ᠪᠡᠨ ᠬᠤᠪᠢ ᠶᠢᠨ ᠴᠢᠨᠠᠷᠲᠠᠢ ᠮᠡᠳᠡᠭᠡᠯᠡᠯ ᠦᠳ ᠢ ᠵᠥᠪᠬᠡᠨ ᠲᠠᠨ ᠤ ᠵᠥᠪᠰᠢᠶᠡᠷᠡᠯ ᠲᠠᠢ ᠪᠠᠷ ᠬᠡᠨ ᠨᠢᠭᠡᠨ ᠳᠤ ᠬᠠᠷᠠᠭᠤᠯᠬᠤ ᠪᠣᠯᠤᠨ᠎ᠠ ᠃ ᠪᠢᠳᠡ ᠲᠠᠨ ᠤ ᠣᠷᠤᠭᠤᠯᠤᠭᠰᠠᠨ ᠬᠤᠪᠢ ᠶᠢᠨ ᠮᠡᠳᠡᠭᠡᠯᠡᠯ ᠢ ᠴᠢᠩᠳᠠᠯᠠᠨ ᠬᠠᠳᠠᠭᠠᠯᠠᠭᠳᠠᠵᠤ ᠬᠡᠨ ᠨᠢᠭᠡᠨ ᠭᠤᠷᠪᠠᠳᠠᠭᠴᠢ ᠡᠲᠡᠭᠡᠳ ᠲᠥ ᠳᠠᠮᠵᠢᠭᠤᠯᠬᠤ ᠦᠭᠡᠢ ᠪᠥᠭᠡᠳ ᠮᠠᠨ ᠤ ᠮᠡᠳᠡᠭᠡᠯᠡᠯ ᠦᠨ ᠲᠥᠪ  ᠨᠢ ᠬᠣᠣᠷᠯᠠᠨ ᠰᠦᠢᠳᠭᠡᠭᠴᠢ ᠡᠴᠡ ᠰᠠᠢᠲᠤᠷ ᠬᠠᠮᠠᠭᠠᠯᠠᠬᠤ ᠪᠣᠯᠤᠨ᠎ᠠ ᠃ ᠮᠥᠨ ᠲᠠ ᠥᠪᠡᠷ ᠢᠶᠡᠨ ᠮᠡᠳᠡᠭᠡᠯᠡᠯ ᠦᠨ ᠠᠶᠤᠯ ᠦᠭᠡᠢ ᠪᠠᠢᠳᠠᠯ ᠢᠶᠠᠨ ᠬᠠᠩᠭᠠᠬᠤ ᠡᠭᠦᠳᠡ ᠡᠴᠡ ᠭᠤᠷᠪᠠᠳᠠᠭᠴᠢ ᠡᠲᠡᠭᠡᠳ ᠲᠥ ᠨᠡᠪᠲᠡᠷᠡᠬᠦ ᠨᠡᠷ᠎ᠡ ᠂ ᠨᠢᠭᠤᠴᠠ ᠦᠭᠡ ᠪᠡᠨ ᠳᠠᠮᠵᠢᠭᠤᠯᠬᠤ ᠡᠴᠡ ᠵᠠᠢᠯᠠᠰᠬᠢᠵᠦ ᠂ ᠰᠤᠷᠭᠠᠭᠤᠯᠢ ᠢᠨᠲ᠋ᠧᠷᠨᠡᠲ ᠵᠡᠷᠭᠡ ᠨᠡᠢᠲᠡ ᠶᠢᠨ ᠺᠤᠮᠫᠢᠦᠲᠧᠷ ᠠᠰᠢᠭᠯᠠᠵᠤ ᠪᠠᠢᠭᠠᠳ ᠳᠠᠭᠤᠰᠬᠤ ᠳᠦ ᠪᠡᠨ ᠪᠦᠷᠢᠳᠬᠡᠯ ᠡᠴᠡ ᠭᠠᠷᠴᠤ ᠪᠠᠢᠨ᠎ᠠ  ᠦᠦ ᠭᠡᠳᠡᠭ ᠢᠶᠡᠨ ᠨᠠᠷᠢᠨ ᠰᠢᠯᠭᠠᠬᠤ ᠬᠡᠷᠡᠭᠲᠡᠢ ᠃

3.2 ᠲᠠ ᠳᠠᠩᠰᠠᠨ ᠳ᠋ᠤᠭᠠᠷ ᠪᠦᠷᠢᠳᠬᠡᠬᠦᠯᠬᠦ ᠪᠠ ᠲᠤᠰ ᠦᠢᠯᠡᠴᠢᠯᠡᠭᠡ ᠶᠢ ᠬᠡᠷᠡᠭᠯᠡᠬᠦ ᠶᠠᠪᠤᠴᠠ ᠳᠦ ᠵᠠᠷᠢᠮ ᠮᠡᠳᠡᠭᠡᠯᠡᠯ ᠢ ᠡᠷᠬᠡᠪᠰᠢ ᠲᠠᠭᠯᠠᠬᠤ ᠱᠠᠭᠠᠷᠳᠠᠯᠭ᠎ᠠ ᠲᠠᠢ ᠪᠠᠢᠳᠠᠭ ᠃ ᠡᠭᠦᠨ ᠳᠦ ᠤᠯᠤᠰ ᠦᠨ ᠬᠠᠤᠯᠢ ᠴᠠᠭᠠᠵᠠ ᠳᠦ ᠣᠨᠴᠠ ᠳᠤᠭᠳᠠᠭᠠᠰᠠᠨ ᠡᠷᠬᠡᠪᠰᠢ ᠲᠠᠭᠯᠠᠬᠤ ᠶᠣᠰᠤᠲᠠᠢ ᠵᠦᠢᠯ ᠂ ᠳᠠᠷᠤᠢ ᠦᠨᠡᠨ ᠪᠣᠳᠠᠲᠠᠢ ᠪᠡᠶ᠎ᠡ ᠵᠢᠨ ᠭᠠᠷᠤᠯ ᠦᠨ ᠮᠡᠳᠡᠭᠡᠯᠡᠯ ᠵᠡᠷᠭᠡ ᠪᠠᠭᠲᠠᠨ᠎ᠠ ᠃ ᠬᠡᠷᠪᠡ ᠲᠠᠨ ᠦ ᠲᠠᠭᠯᠠᠭᠰᠠᠨ ᠮᠡᠳᠡᠭᠡᠯᠡᠯ  ᠴᠢᠨᠢ ᠪᠦᠷᠢᠨ ᠭᠦᠢᠴᠡᠳ ᠪᠢᠰᠢ ᠪᠣᠯ ᠲᠤᠰ ᠦᠢᠯᠡᠴᠢᠯᠡᠭᠡ ᠶᠢ ᠬᠡᠷᠡᠭᠯᠡᠬᠦ ᠡᠷᠬᠡ ᠦᠭᠡᠢ ᠪᠤᠶᠤ ᠬᠡᠷᠡᠭᠯᠡᠬᠦ ᠶᠠᠪᠤᠴᠠ ᠳᠦ ᠪᠡᠨ ᠶᠠᠮᠠᠷ ᠨᠢᠭᠡᠨ ᠬᠢᠵᠠᠭᠠᠷᠯᠠᠯ ᠳᠦ ᠲᠤᠯᠭᠠᠷᠠᠵᠤ ᠮᠡᠳᠡᠨ᠎ᠡ ᠃

3.3 ᠲᠡᠯᠡᠬᠡᠢ ᠺᠣᠮᠫᠠᠨᠢ ᠨᠢ ᠡᠯ᠎ᠡ ᠵᠦᠢᠯ ᠦᠨ ᠠᠶᠤᠯ ᠦᠭᠡᠢ ᠪᠠᠢᠳᠠᠯ ᠢ ᠪᠠᠲᠤᠯᠠᠬᠤ ᠮᠡᠷᠭᠡᠵᠢᠯ ᠪᠠ ᠫᠷᠣᠭ᠍ᠷᠠᠮ ᠢᠶᠡᠷ ᠪᠦᠷᠢᠯᠳᠦᠭᠰᠡᠨ ᠪᠦᠷᠢᠨ ᠲᠡᠭᠦᠯᠳᠡᠷ ᠬᠠᠮᠢᠶᠠᠷᠤᠯᠲᠠ ᠵᠢᠨ ᠲᠦᠷᠢᠮ ᠢᠶᠡᠷ ᠲᠠᠨ ᠦ ᠬᠤᠪᠢ ᠵᠢᠨ ᠮᠡᠳᠡᠭᠡᠯᠡᠯ ᠶᠢ ᠬᠠᠮᠠᠭᠠᠯᠠᠨ᠎ᠠ ᠃ ᠪᠤᠰᠤᠳ ᠬᠥᠮᠦᠰ ᠠᠰᠠᠭᠤᠨ ᠯᠠᠪᠯᠠᠬᠤ ᠂ ᠬᠡᠷᠡᠭᠯᠡᠬᠦ ᠪᠠ ᠪᠤᠰᠤᠳ ᠲᠤ ᠢᠯᠡᠴᠢᠯᠡᠬᠦ ᠶᠢ ᠬᠣᠷᠢᠭᠯᠠᠨ᠎ᠠ ᠃ ᠲᠡᠯᠡᠬᠡᠢ ᠺᠣᠮᠫᠠᠨᠢᠨᠢ ᠲᠠᠨ ᠦ ᠬᠤᠪᠢ ᠵᠢᠨ ᠮᠡᠳᠡᠭᠡᠯᠡᠯ  ᠢ ᠰᠢᠯᠵᠢᠭᠦᠯᠬᠦ ᠪᠠ ᠠᠯᠢ ᠨᠢᠭᠡᠨ ᠭᠤᠷᠪᠠᠳᠠᠬᠢ ᠡᠲᠡᠭᠡᠳ ᠲᠤ ᠢᠯᠡᠴᠢᠯᠡᠬᠦ ᠦᠭᠡᠢ ᠪᠠᠢᠬᠤ ᠪᠡᠨ ᠪᠠᠲᠤᠯᠠᠨ᠎ᠠ ᠃ ᠭᠡᠪᠡᠴᠦ ᠮᠠᠨ ᠤ ᠡᠷᠬᠡ ᠠᠰᠢᠭ ᠲᠦ ᠶᠠᠮᠠᠷ ᠨᠢᠭᠡᠨ ᠪᠠᠢᠳᠠᠯ ᠢᠶᠠᠷ ᠬᠠᠯᠳᠠᠬᠤ ᠶᠢ ᠤᠷᠤᠯᠳᠤᠵᠤ ᠂ ᠬᠣᠣᠷ ᠬᠥᠨᠦᠭᠡᠯ ᠤᠴᠠᠷᠠᠭᠤᠯᠬᠤ ᠶᠢ ᠵᠠᠪᠳᠤᠭᠰᠠᠨ ᠂ ᠮᠠᠨ ᠤ ᠭᠡᠰᠢᠭᠦᠳ ᠦᠨ ᠡᠷᠬᠡ ᠠᠰᠢᠭ  ᠢ ᠬᠠᠤᠯᠢ ᠪᠤᠰᠤ ᠪᠡᠷ ᠬᠥᠨᠳᠡᠵᠦ ᠡᠭᠦᠨ ᠥ ᠳᠠᠭᠠᠤ ᠭᠣᠮᠤᠳᠠᠯ ᠭᠠᠷᠭᠠᠨ ᠬᠠᠤᠯᠢ ᠵᠢᠨ ᠪᠠᠢᠭᠤᠯᠭ᠎ᠠ ᠳᠦ ᠬᠠᠨᠳᠤᠭᠰᠠᠨ ᠂ ᠬᠠᠤᠯᠢ ᠵᠢᠨ ᠪᠠᠢᠭᠤᠯᠭ᠎ᠠ ᠶᠢᠨ ᠠᠯᠪᠠᠨ ᠶᠣᠰᠤᠨ ᠤ ᠱᠠᠭᠠᠷᠳᠠᠯᠭ᠎ᠠ ᠪᠠᠷᠢᠮᠲᠠ ᠳᠡᠭᠡᠷ᠎ᠡ ᠦᠨᠳᠦᠰᠦᠯᠡᠨ ᠬᠠᠮᠲᠤᠷᠠᠨ ᠠᠵᠢᠯᠯᠠᠵᠤ ᠪᠠᠢᠭ᠎ᠠ ᠨᠥᠬᠦᠴᠡᠯ ᠳᠤ ᠬᠤᠪᠢ ᠵᠢᠨ ᠮᠡᠳᠡᠭᠡᠯᠡᠯ ᠢ ᠪᠤᠰᠤᠳ ᠲᠤ ᠬᠠᠩᠭᠠᠵᠤ ᠥᠭᠬᠦ ᠪᠣᠯᠤᠮᠵᠢ ᠲᠠᠢ ᠃ ᠡᠭᠦᠨ ᠡᠴᠡ ᠪᠤᠰᠤᠳ ᠶᠠᠮᠠᠷ  ᠴᠦ ᠨᠥᠬᠦᠴᠡᠯ ᠳᠤ ᠮᠡᠳᠡᠭᠡᠯᠡᠯ ᠦᠨ ᠨᠢᠭᠤᠴᠠ ᠶᠢ ᠪᠤᠰᠤᠳ ᠲᠦ ᠳᠠᠮᠵᠢᠭᠤᠯᠬᠤ ᠦᠭᠡᠢ ᠴᠢᠩᠳᠠᠯᠠᠨ ᠬᠠᠳᠠᠭᠠᠯᠠᠨ᠎ᠠ ᠃

3.4ᠲᠡᠯᠡᠬᠡᠢ ᠺᠣᠮᠫᠠᠨᠢ ᠨᠢ ᠨᠠᠰᠤᠨ ᠳᠦ ᠦᠯᠦ ᠬᠦᠷᠦᠭᠰᠡᠳ ᠦᠨ ᠬᠤᠪᠢ ᠵᠢᠨ ᠮᠠᠳᠡᠬᠡᠯᠡᠯ ᠢ ᠬᠠᠮᠠᠭᠠᠯᠠᠬᠤ  ᠶᠢ ᠣᠨᠴᠠᠭᠠᠢᠯᠠᠨ ᠬᠦᠨᠳᠦᠳᠭᠡᠨ᠎ᠡ ᠂ ᠬᠡᠷᠪᠡ ᠪᠦᠬᠦᠯᠢ ᠠᠷᠪᠠᠨ ᠨᠠᠢ᠍ᠮᠠᠨ ᠨᠠᠰᠤᠨ ᠳᠦ ᠬᠥᠷᠦᠭᠡ ᠦᠭᠡᠢ ᠬᠥᠮᠦᠰ ᠲᠡᠯᠡᠬᠡᠢ ᠺᠣᠮᠫᠠᠨᠢ ᠦᠢᠯᠡᠴᠢᠯᠡᠭᠡ ᠶᠢ ᠬᠡᠷᠡᠭᠯᠡᠬᠦ ᠡᠴᠡ ᠤᠷᠢᠳ ᠡᠷᠬᠡᠪᠰᠢ ᠡᠴᠢᠭᠡ ᠡᠬᠡ ᠪᠤᠶᠤ ᠬᠠᠤᠯᠢ ᠳᠦ ᠲᠣᠭᠲᠠᠭᠰᠠᠨ ᠬᠠᠷᠠᠭᠠᠯᠵᠠᠨ ᠬᠠᠮᠠᠭᠠᠯᠠᠭᠴᠢ ᠡᠴᠡ ᠪᠡᠨ ᠦᠰᠦᠭ ᠪᠢᠴᠢᠭ᠌ ᠦᠨ ᠬᠡᠯᠪᠡᠷᠢ ᠪᠡᠷ ᠵᠥᠪᠰᠢᠶᠡᠷᠡᠭᠰᠡᠨ ᠪᠢᠴᠢᠭ᠌ ᠠᠪᠬᠤ ᠬᠡᠷᠡᠭᠲᠡᠢ ᠃

ᠳᠥᠷᠪᠡ ᠲᠤᠰ ᠦᠢᠯᠡᠴᠢᠯᠡᠭᠡ ᠶᠢ ᠬᠡᠷᠡᠭᠯᠡᠬᠦ ᠠᠷᠭ᠎ᠠ ᠬᠡᠯᠪᠡᠷᠢ

4.1ᠬᠡᠷᠪᠡ ᠲᠠ ᠂ ᠲᠡᠯᠡᠬᠡᠢ ᠺᠣᠮᠫᠠᠨᠢ  ᠡᠴᠡ ᠪᠤᠰᠤᠳ ᠪᠠᠢᠭᠤᠯᠭ᠎ᠠ ᠨᠢᠭᠡᠴᠢ ᠲᠠᠢ ᠬᠡᠯᠡᠯᠴᠡᠭᠡᠷ ᠲᠣᠭᠲᠠᠭᠰᠠᠨ ᠪᠣᠯ ᠡᠨᠡ ᠬᠡᠯᠡᠯᠴᠡᠭᠡᠷ ᠨᠢ ᠵᠥᠪᠬᠡᠨ ᠲᠠᠨ ᠦ ᠬᠤᠪᠢ ᠬᠥᠮᠦᠨ ᠦ ᠠᠷᠠᠯᠵᠢᠶᠠᠨ ᠦ ᠪᠤᠰᠤ ᠴᠢᠨᠠᠷ ᠲᠠᠢ ᠬᠡᠷᠡᠭᠯᠡᠭᠡ ᠪᠣᠯᠬᠤ ᠶᠢ ᠵᠥᠪᠰᠢᠶᠡᠷᠡᠬᠦ ᠬᠡᠷᠡᠭᠲᠡᠢ ᠃

4.2 ᠲᠠ ᠡᠷᠬᠡᠪᠰᠢ ᠲᠡᠯᠡᠬᠡᠢ ᠺᠣᠮᠫᠠᠨᠢ ᠦ ᠬᠠᠩᠭᠠᠭᠰᠠᠨ ᠪᠤᠶᠤ ᠬᠦᠯᠢᠶᠡᠨ ᠵᠥᠪᠰᠢᠶᠡᠷᠡᠭᠰᠡᠨ ᠬᠡᠯᠪᠡᠷᠢ ᠪᠡᠷ ᠲᠤᠰ ᠦᠢᠯᠡᠴᠢᠯᠡᠭᠡ ᠶᠢ ᠬᠡᠷᠡᠭᠯᠡᠨ᠎ᠡ ᠃ ᠲᠤᠰ ᠬᠡᠯᠡᠯᠴᠡᠭᠡᠷ ᠢᠶᠡᠷ ᠲᠤᠭᠲᠠᠭᠰᠠᠨ ᠠᠯᠢᠪᠠ ᠡᠳ᠋ᠯᠡᠬᠦ ᠶᠣᠰᠤᠲᠠᠢ ᠡᠷᠬᠡ ᠪᠡᠨ ᠰᠢᠯᠵᠢᠭᠦᠯᠵᠦ ᠪᠣᠯᠬᠤ ᠦᠭᠡᠢ ᠃

4.3 ᠲᠠ ᠲᠡᠯᠡᠬᠡᠢ ᠺᠣᠮᠫᠠᠨᠢ ᠦ ᠬᠦᠯᠢᠶᠡᠨ ᠵᠥᠪᠰᠢᠶᠡᠷᠡᠭᠰᠡᠨ ᠦᠭᠡᠢ ᠲᠣᠨᠤᠭ ᠲᠥᠬᠦᠭᠡᠷᠦᠮᠵᠢ ᠵᠡᠷᠭᠡ ᠪᠡᠷ ᠲᠤᠰ ᠬᠡᠯᠡᠯᠴᠡᠭᠡᠷ ᠲᠤ ᠲᠤᠭᠲᠠᠭᠰᠠᠨ ᠵᠦᠢᠯᠡᠰ ᠶᠢ ᠬᠠᠷᠰᠢᠯᠠᠬᠤ ᠂ ᠡᠪᠳᠡᠯᠡᠬᠦ ᠂ ᠵᠠᠰᠠᠬᠤ ᠪᠤᠶᠤ ᠪᠤᠰᠤᠳ ᠨᠥᠯᠦᠭᠡ ᠦᠵᠡᠭᠦᠯᠬᠦ ᠦᠭᠡᠢ ᠪᠠᠢᠬᠤ ᠪᠡᠨ ᠪᠠᠲᠤᠯᠠᠨ᠎ᠠ ᠃

ᠲᠠᠪᠤ ᠣᠳᠣᠬᠢ ᠨᠥᠬᠦᠴᠡᠯ ᠳᠦ ᠲᠣᠬᠢᠷᠠᠭᠰᠠᠨ ᠬᠠᠩᠭᠠᠯᠭ᠎ᠠ ᠵᠢᠨ ᠦᠢᠯᠡᠴᠢᠯᠡᠭᠡ ᠲᠠ ᠂ ᠲᠡᠯᠡᠬᠡᠢ ᠺᠣᠮᠫᠠᠨᠢ ᠦ ᠦᠢᠯᠡᠴᠢᠯᠡᠭᠡ ᠪᠣᠯ ᠣᠳᠤ ᠴᠠᠭ ᠦᠨ ᠰᠢᠨ᠎ᠡ ᠮᠡᠷᠭᠡᠵᠢᠯ ᠪᠠ ᠨᠥᠬᠦᠴᠡᠯ ᠳᠦ ᠲᠣᠬᠢᠷᠠᠭᠰᠠᠨ ᠣᠳᠣᠬᠢ ᠪᠠᠢᠳᠠᠯ ᠦᠨ ᠬᠠᠩᠭᠠᠯᠭ᠎ᠠ ᠦᠢᠯᠡᠴᠢᠯᠡᠭᠡᠨ ᠦ ᠰᠢᠰᠲ᠋ᠧᠮ ᠪᠣᠯᠬᠤ ᠶᠢ ᠣᠢᠯᠠᠭᠠᠵᠤ ᠬᠦᠯᠢᠶᠡᠨ ᠵᠥᠪᠰᠢᠶᠡᠷᠡᠬᠦ ᠬᠡᠷᠡᠭᠲᠡᠢ ᠃ ᠲᠡᠯᠡᠬᠡᠢ ᠺᠣᠮᠫᠠᠨᠢ ᠨᠢ ᠬᠠᠮᠤᠭ ᠬᠦᠴᠦ ᠪᠡᠷ ᠢᠶᠡᠨ ᠴᠢᠷᠮᠠᠢᠵᠤ ᠂ ᠲᠠᠨ ᠦ ᠦᠢᠯᠡᠴᠢᠯᠡᠭᠡ ᠶᠢ ᠬᠠᠩᠭᠠᠵᠤ ᠂ ᠦᠢᠯᠡᠴᠢᠯᠡᠭᠡ ᠵᠢᠨ ᠦᠷᠭᠦᠯᠵᠢᠯᠡᠬᠦ ᠪᠠ ᠠᠶᠤᠯ ᠦᠭᠡᠢ ᠪᠠᠢᠳᠠᠯ ᠢ ᠪᠠᠲᠤᠯᠠᠨ᠎ᠠ ᠃ ᠭᠡᠪᠡᠴᠦ ᠲᠡᠯᠡᠬᠡᠢ ᠺᠣᠮᠫᠠᠨᠢ ᠨᠢ ᠶᠠᠮᠠᠷ ᠴᠤ ᠪᠠᠢᠳᠠᠯ ᠳᠦ ᠬᠠᠤᠯᠢ ᠴᠠᠭᠠᠵᠠ ᠂ ᠮᠡᠷᠭᠡᠵᠢᠯ ᠪᠤᠯᠤᠨ ᠪᠤᠰᠤᠳ ᠠᠶᠤᠯ ᠲᠠᠢ ᠪᠠᠢᠳᠠᠯ ᠢ ᠤᠷᠢᠳᠴᠢᠯᠠᠨ ᠮᠡᠳᠡᠬᠦ ᠪᠠ ᠰᠡᠷᠭᠡᠢᠯᠡᠵᠦ ᠴᠢᠳᠠᠬᠤ ᠦᠭᠡᠢ ᠂ ᠡᠭᠦᠨ ᠳᠦ ᠳᠠᠭᠠᠭᠠᠵᠤ ᠳᠡᠢᠯᠦᠰᠢ ᠦᠭᠡᠢ ᠬᠦᠴᠦᠨ ᠂ ᠸᠸᠷᠷᠤᠰ ᠂ ᠬᠠᠤᠯᠢ ᠪᠤᠰᠤ ᠡᠲᠡᠭᠡᠳ ᠦᠨ ᠳᠠᠭᠠᠷᠢᠯᠲᠠ ᠂ᠰᠢᠰᠲ᠋ᠧᠮ ᠦᠨ ᠲᠣᠭᠲᠠᠭᠤᠨ ᠪᠤᠰᠤ ᠪᠠᠢᠳᠠᠯ ᠂ ᠭᠤᠷᠪᠠᠳᠠᠭᠴᠢ ᠡᠲᠡᠭᠡᠳ ᠦᠨ ᠬᠤᠤᠷᠳᠠᠭᠤᠯᠭ᠎ᠠ ᠪᠠ ᠵᠠᠰᠠᠭ ᠦᠨ ᠣᠷᠳᠤᠨ ᠦ ᠦᠢᠯᠡ ᠠᠵᠢᠯᠯᠠᠭ᠎ᠠ ᠵᠡᠷᠭᠡ ᠰᠢᠯᠲᠠᠭᠠᠨ ᠡᠴᠡ ᠪᠣᠯᠵᠤ ᠦᠢᠯᠡᠴᠢᠯᠡᠭᠡ ᠲᠠᠰᠤᠷᠠᠬᠤ ᠂ ᠲᠣᠭ᠎ᠠ ᠪᠠᠷᠢᠮᠲᠠ ᠠᠯᠳᠠᠭᠳᠠᠬᠤ ᠪᠤᠶᠤ ᠪᠤᠰᠤᠳ ᠬᠣᠬᠢᠷᠠᠯ ᠭᠠᠷᠬᠤ ᠶᠢ ᠬᠣᠷᠢᠭᠯᠠᠵᠤ ᠴᠢᠳᠠᠬᠤ ᠦᠭᠡᠢ ᠶᠤᠮ ᠃

ᠵᠢᠷᠭᠤᠭ᠎ᠠ ᠥᠪᠡᠰᠦᠪᠡᠨ ᠪᠡᠯᠡᠳᠭᠡᠬᠦ ᠲᠥᠬᠦᠭᠡᠷᠦᠮᠵᠢ

6.1 ᠲᠠ ᠲᠡᠯᠡᠬᠡᠢ ᠺᠣᠮᠫᠠᠨᠢ ᠦ ᠦᠢᠯᠡᠴᠢᠯᠡᠭᠡ ᠶᠢ ᠬᠡᠷᠡᠭᠯᠡᠬᠦ ᠭᠡᠪᠡᠯ ᠬᠠᠮᠢᠶ᠎ᠠ ᠪᠦᠬᠦᠢ ᠦᠢᠯᠡᠴᠢᠯᠡᠭᠡᠨ ᠦ ᠲᠥᠬᠦᠭᠡᠷᠦᠮᠵᠢ ︵ ᠺᠣᠮᠫᠢᠦ᠋ᠲ᠋ᠧᠷ ᠵᠡᠷᠭᠡ ︶ ᠵᠡᠷᠭᠡ ᠪᠡᠨ ᠥᠪᠡᠰᠦᠪᠡᠨ ᠪᠡᠯᠡᠳᠭᠡᠬᠦ ᠬᠡᠷᠡᠭᠲᠡᠢ ᠭᠡᠳᠡᠭ ᠢᠶᠡᠨ ᠣᠢᠯᠠᠭᠠᠬᠤ ᠬᠡᠷᠡᠭᠲᠡᠢ ᠮᠥᠷᠲᠡᠭᠡᠨ ᠪᠠᠰᠠ ᠬᠡᠷᠡᠭᠯᠡᠭᠡᠨ ᠦ ᠰᠦᠢᠳᠭᠡᠯ ᠢᠶᠡᠨ ᠥᠪᠡᠰᠦᠪᠡᠨ ᠬᠠᠷᠢᠭᠤᠴᠠᠨ᠎ᠠ ᠃ ᠡᠭᠦᠨ ᠳᠦ ᠤᠲᠠᠰᠤᠨ ᠦ ᠰᠦᠢᠳᠭᠡᠯ ᠂ ᠰᠦᠯᠵᠢᠶᠡᠨ ᠦ ᠰᠦᠢᠳᠭᠡᠯ ᠵᠡᠷᠭᠡ ᠪᠠᠭᠲᠠᠨ᠎ᠠ ᠃

6.2 ᠡᠳᠡᠭᠡᠷ ᠦᠢᠯᠡᠴᠢᠯᠡᠭᠡ ᠶᠢ ᠬᠡᠷᠡᠭᠯᠡᠬᠦ ᠦᠶᠡᠰ ᠲᠠᠨ ᠦ ᠲᠣᠨᠤᠭ ᠲᠥᠬᠦᠭᠡᠷᠦᠮᠵᠢ ᠪᠠ ᠰᠦᠯᠵᠢᠶᠡᠨ ᠦ ᠡᠨᠧᠷᠭᠢ ᠶᠢ ᠬᠣᠷᠤᠭᠳᠠᠭᠤᠯᠬᠤ ᠭᠡᠳᠡᠭ ᠢ ᠣᠢᠯᠠᠭᠠᠵᠤ ᠬᠦᠯᠢᠶᠡᠨ ᠵᠥᠪᠰᠢᠶᠡᠷᠡᠬᠦ ᠬᠡᠷᠡᠭᠲᠡᠢ ᠃

ᠳᠣᠯᠤᠭ᠎ᠠ ᠵᠡᠷ ᠮᠡᠳᠡᠭᠡ

7.1 ᠲᠠ ᠲᠡᠯᠡᠬᠡᠢ ᠺᠣᠮᠫᠠᠨᠢ ᠦ ᠦᠢᠯᠡᠴᠢᠯᠡᠭᠡ ᠶᠢ ᠬᠡᠷᠡᠭᠯᠡᠵᠦ ᠪᠠᠢᠭ᠎ᠠ ᠦᠶᠡᠰ ᠠᠶᠠᠨᠳᠠᠭᠠᠨ ᠪᠤᠶᠤ ᠭᠤᠷᠪᠠᠳᠠᠭᠴᠢ ᠡᠲᠡᠭᠡᠳ ᠦᠨ ᠵᠠᠷ ᠮᠡᠳᠡᠭᠡᠨ ᠦ ᠬᠢᠨ ᠡᠴᠡ ᠲᠠᠨ ᠳᠦ ᠵᠠᠷ ᠮᠡᠳᠡᠭᠡ ᠢᠯᠡᠭᠡᠬᠦ ᠂ ᠳᠡᠯᠭᠡᠷᠡᠭᠦᠯᠬᠦ ᠪᠠ ᠤᠬᠠᠭᠤᠯᠬᠤ ᠴᠢᠮᠡᠭᠡ ︵ ᠠᠷᠠᠯᠵᠢᠶᠠᠨ ᠦ ᠪᠠ ᠠᠷᠠᠯᠵᠢᠶᠠᠨ ᠦ ᠪᠤᠰᠤ ᠮᠡᠳᠡᠭᠡ ︶ ᠢᠯᠡᠭᠡᠬᠦ ᠶᠢ ᠬᠦᠯᠢᠶᠡᠨ ᠵᠥᠪᠰᠢᠶᠡᠷᠡᠬᠦ ᠬᠡᠷᠡᠭᠲᠡᠢ ᠃ ᠭᠡᠪᠡᠴᠦ ᠡᠳᠡᠭᠡᠷ ᠵᠠᠷ ᠮᠡᠳᠡᠭᠡᠨ ᠦ ᠠᠷᠭ᠎ᠠ ᠬᠡᠯᠪᠡᠷᠢ ᠪᠠ ᠬᠦᠷᠢᠶ᠎ᠡ ᠬᠡᠪᠴᠢᠶ᠎ᠡ ᠶᠢ ᠨᠢ ᠲᠠᠨ  ᠳᠦ ᠣᠨᠴᠠᠯᠠᠨ ᠮᠡᠳᠡᠭᠳᠡᠬᠦ ᠪᠤᠶᠤ ᠥᠭᠡᠷᠡᠴᠢᠯᠡᠬᠦ ᠦᠭᠡᠢ ᠪᠠᠢᠬᠤ ᠶᠢ ᠬᠦᠯᠢᠶᠡᠨ ᠵᠥᠪᠰᠢᠶᠡᠷᠡᠬᠦ ᠬᠡᠷᠡᠭᠲᠡᠢ ᠃

7.2 ᠲᠡᠯᠡᠬᠡᠢ ᠺᠣᠮᠫᠠᠨᠢ ᠡᠴᠡ ᠲᠠᠨ ᠳᠦ ᠵᠠᠷ ᠮᠡᠳᠡᠭᠡᠨ ᠦ ᠮᠡᠳᠡᠭᠡ ᠶᠢ ᠰᠣᠩᠭᠤᠬᠤ ᠪᠠ ᠬᠠᠭᠠᠬᠤ ᠴᠢᠳᠠᠮᠵᠢ ᠶᠢ ᠥᠭᠬᠦ ᠪᠣᠯᠤᠯᠴᠠᠭ᠎ᠠ ᠲᠠᠢ ᠃ ᠭᠡᠪᠡᠴᠦ ᠶᠠᠮᠠᠷ ᠴᠤ ᠪᠠᠢᠳᠠᠯ ᠳᠦ ᠲᠠ ᠲᠤᠰ ᠭᠡᠷ᠎ᠡ ᠳᠦ ᠲᠣᠳᠤᠷᠬᠠᠢ ᠲᠣᠭᠲᠠᠭᠰᠠᠨ ᠦᠭᠡᠢ ᠪᠤᠶᠤ ᠲᠡᠯᠡᠬᠡᠢ ᠺᠣᠮᠫᠠᠨᠢᠡᠴᠡ ᠦᠰᠦᠭ ᠪᠢᠴᠢᠭ᠌ ᠦᠨ ᠬᠡᠯᠪᠡᠷᠢ ᠪᠡᠷ ᠵᠦᠪᠰᠢᠶᠡᠷᠡᠬᠡ ᠦᠡᠬᠡᠢ ᠵᠠᠷ ᠮᠡᠳᠡᠭᠡ ᠶᠢ ᠬᠠᠭᠠᠵᠤ ᠳᠠᠯᠳᠠᠯᠠᠬᠤ ᠬᠡᠷᠡᠭ ᠦᠭᠡᠢ ᠃

7.3 ᠲᠡᠯᠡᠬᠡᠢ ᠺᠣᠮᠫᠠᠨᠢ ᠬᠠᠤᠯᠢ ᠶᠣᠰᠤ ᠪᠡᠷ ᠵᠠᠷ ᠮᠡᠳᠡᠭᠡ ᠨᠡᠢᠲᠡᠯᠡᠭᠴᠢ ᠲᠠᠢ ᠬᠠᠮᠢᠶ᠎ᠠ ᠪᠦᠬᠦᠢ ᠡᠭᠦᠷᠭᠡ ᠬᠠᠷᠢᠭᠤᠴᠠᠯᠭ᠎ᠠ ᠶᠢ ᠲᠤᠭᠲᠠᠭᠰᠠᠨ ᠤᠴᠢᠷ ᠡᠴᠡ ᠲᠠ ᠵᠠᠷ ᠮᠡᠳᠡᠭᠡᠨ ᠦ ᠦᠨᠡᠨ ᠬᠤᠳᠠᠯ ᠢ ᠦᠪᠡᠰᠦᠪᠡᠨᠮᠠᠭᠠᠳᠯᠠᠵᠤ ᠲᠣᠭᠲᠠᠭᠠᠬᠤ ᠬᠡᠷᠡᠭᠲᠡᠢ ᠃ ᠬᠠᠤᠯᠢ ᠳᠦ ᠲᠣᠭᠲᠠᠭᠰᠠᠨ ᠲᠦᠷᠢᠮ ᠲᠣᠭᠲᠠᠭᠠᠯ ᠡᠴᠡ ᠭᠠᠳᠠᠨ᠎ᠠ ᠂ ᠲᠠ ᠡᠨᠡ ᠬᠦ ᠵᠠᠷ ᠮᠡᠳᠡᠭᠡᠨ ᠦ ᠦᠢᠯᠡ ᠠᠵᠢᠯᠯᠠᠭ᠎ᠠ ᠡᠴᠡ ᠪᠣᠯᠤᠭᠰᠠᠨ ᠠᠷᠠᠯᠵᠢᠶ᠎ᠠ ᠪᠤᠶᠤ ᠵᠠᠷ ᠮᠡᠳᠡᠭᠡᠨ ᠡᠴᠡ ᠬᠠᠩᠭᠠᠭᠰᠠᠨ ᠠᠭᠤᠯᠭ᠎ᠠ ᠵᠡᠷᠭᠡ ᠡᠴᠡ ᠪᠣᠯᠵᠤ ᠬᠣᠬᠢᠷᠠᠯ ᠠᠮᠰᠠᠬᠤ ᠪᠠᠢᠳᠠᠯ ᠳᠦ ᠬᠦᠷᠪᠡᠯ ᠲᠡᠯᠡᠬᠡᠢ ᠺᠣᠮᠫᠠᠨᠢᠬᠠᠷᠢᠭᠤᠴᠠᠯᠭ᠎ᠠ ᠡᠬᠦᠷᠬᠡᠯᠡᠬᠦ ᠦᠭᠡᠢ ᠃

7.4 ᠲᠠ ᠲᠡᠯᠡᠬᠡᠢ ᠺᠣᠮᠫᠠᠨᠢ ᠦᠢᠯᠡᠴᠢᠯᠡᠭᠡᠨ ᠦ ᠳᠤᠮᠳᠠ ᠢᠡᠯᠷᠡᠬᠦ ᠵᠠᠷ ᠮᠡᠳᠡᠭᠡᠨ ᠦ ᠠᠭᠤᠯᠭ᠎ᠠ ᠵᠢᠨ ᠦᠨᠡᠨ ᠪᠣᠳᠠᠲᠤ ᠪᠠᠢᠳᠠᠯ ᠢ ᠦᠪᠰᠦᠪᠡᠨ ᠨᠤᠲᠠᠯᠠᠵᠤ ᠂ ᠬᠠᠤᠯᠢ ᠳᠦ ᠲᠣᠳᠤᠷᠬᠠᠢ ᠲᠣᠭᠲᠠᠭᠰᠠᠨ ᠪᠠᠢᠳᠠᠯ ᠡᠴᠡ ᠪᠤᠰᠤᠳ ᠵᠠᠷ ᠮᠡᠳᠡᠭᠡᠨ ᠦ ᠦᠢᠯᠡ ᠠᠵᠢᠯᠯᠠᠭ᠎ᠠ ᠲᠠᠢ ᠬᠣᠯᠪᠤᠭᠳᠠᠬᠤ ᠶᠠᠮᠠᠷ ᠨᠢᠭᠡᠨ ᠬᠠᠷᠢᠭᠤᠴᠠᠯᠭ᠎ᠠ ᠪᠡᠨ ᠲᠠ ᠥᠪᠡᠰᠦᠪᠡᠨ ᠬᠠᠷᠢᠭᠤᠴᠠᠬᠤ ᠶᠢ ᠵᠥᠪᠰᠢᠶᠡᠷᠡᠬᠦ ᠬᠡᠷᠡᠭᠲᠡᠢ ᠃

ᠨᠠᠢ᠍ᠮᠠ ᠰᠦᠢᠳᠭᠡᠯ ᠬᠤᠷᠢᠶᠠᠬᠤ ᠦᠢᠯᠡᠴᠢᠯᠡᠭᠡ

8.1 ᠲᠡᠯᠡᠬᠡᠢ ᠺᠣᠮᠫᠠᠨᠢ ᠦ ᠵᠠᠷᠢᠮ ᠦᠢᠯᠡᠴᠢᠯᠡᠭᠡ ᠨᠢ ᠰᠦᠢᠳᠭᠡᠯ ᠬᠤᠷᠢᠶᠠᠬᠤ ᠬᠡᠯᠪᠡᠷ ᠪᠡᠷ ᠬᠠᠩᠭᠠᠭᠳᠠᠳᠠᠭ ᠃ ᠬᠡᠷᠪᠡ ᠲᠠ ᠰᠦᠢᠳᠭᠡᠯ ᠬᠤᠷᠢᠶᠠᠬᠤ ᠦᠢᠯᠡᠴᠢᠯᠡᠭᠡ ᠶᠢ ᠬᠡᠷᠡᠭᠯᠡᠪᠡᠯ ᠳᠠᠷᠠᠭᠠᠬᠢ ᠬᠣᠯᠪᠤᠭᠳᠠᠯ ᠪᠦᠬᠦᠢ ᠬᠡᠯᠡᠯᠴᠡᠭᠡᠷ ᠢ ᠵᠢᠷᠤᠮᠯᠠᠬᠤ ᠬᠡᠷᠡᠭᠲᠡᠢ ᠃

8.2 ᠲᠡᠯᠡᠬᠡᠢ ᠺᠣᠮᠫᠠᠨᠢ ᠨᠢ ᠪᠣᠳᠠᠲᠤ ᠬᠡᠷᠡᠭᠴᠡᠭᠡᠨ ᠦ ᠪᠡᠨ ᠱᠠᠭᠠᠷᠳᠠᠯᠭ᠎ᠠ ᠶᠢ ᠦᠨᠳᠦᠰᠦᠯᠡᠨ ᠰᠦᠢᠳᠭᠡᠯ ᠬᠤᠷᠢᠶᠠᠬᠤ ᠦᠢᠯᠡᠴᠢᠯᠡᠭᠡᠨ ᠦ ᠰᠦᠢᠳᠭᠡᠯ ᠬᠤᠷᠢᠶᠠᠬᠤ ᠪᠠᠷᠢᠮᠵᠢᠶ᠎ᠠ ᠪᠡᠨ ᠲᠣᠭᠲᠠᠭᠠᠵᠤ ᠂ ᠵᠠᠰᠠᠬᠤ ᠪᠤᠶᠤ ᠦᠬᠡᠷᠡᠴᠢᠯᠡᠨ᠎ᠡ ᠂ ᠲᠡᠯᠡᠬᠡᠢ ᠺᠣᠮᠫᠠᠨᠢ ᠨᠢ ᠵᠠᠷᠢᠮ ᠵᠦᠢᠯ ᠳᠦ ᠰᠦᠢᠳᠭᠡᠯ ᠬᠤᠷᠢᠶᠠᠬᠤ ᠦᠭᠡᠢ ᠦᠢᠯᠡᠴᠢᠯᠡᠭᠡ ᠶᠢ ᠰᠦᠢᠳᠭᠡᠯ ᠬᠤᠷᠢᠶᠠᠬᠤ ᠪᠣᠯᠭᠠᠵᠤ ᠮᠡᠳᠡᠨ᠎ᠡ ᠃ ᠳᠡᠭᠡᠷ᠎ᠡ ᠶᠠᠷᠢᠭᠰᠠᠨ ᠮᠡᠲᠦ ᠪᠡᠷ ᠵᠠᠰᠠᠬᠤ ᠂ᠥᠭᠡᠷᠡᠴᠢᠯᠡᠬᠦ ᠪᠤᠶᠤ ᠡᠬᠢᠯᠡᠵᠦ ᠰᠦᠢᠳᠭᠡᠯ ᠬᠤᠷᠢᠶᠠᠬᠤ ᠡᠴᠡ ᠡᠮᠦᠨ᠎ᠡ ᠲᠡᠯᠡᠬᠡᠢ ᠺᠣᠮᠫᠠᠨᠢ ᠨᠢ ᠦᠢᠯᠡᠴᠢᠯᠡᠭᠡᠨ ᠦ ᠨᠢᠭᠤᠷ ᠬᠠᠭᠤᠳᠠᠰᠤᠨ ᠳᠦ ᠮᠡᠳᠡᠭᠳᠡᠬᠦ ᠪᠤᠶᠤ ᠵᠠᠷ ᠨᠡᠢᠳᠡᠯᠡᠨ᠎ᠡ ᠃ ᠬᠡᠷᠪᠡ ᠵᠠᠰᠠᠬᠤ ᠥᠭᠡᠷᠡᠴᠢᠯᠡᠬᠦ ᠪᠤᠶᠤ ᠰᠦᠢᠳᠭᠡᠯ ᠬᠤᠷᠢᠶᠠᠬᠤ ᠠᠭᠤᠯᠭ᠎ᠠ ᠶᠢ ᠬᠦᠯᠢᠶᠡᠨᠨ ᠵᠥᠪᠰᠢᠶᠡᠷᠡᠬᠦ ᠦᠭᠡᠢ ᠪᠣᠯ ᠲᠠᠨ ᠦ ᠬᠡᠷᠡᠭᠯᠡᠬᠦ ᠦᠢᠯᠡᠴᠢᠯᠡᠭᠡ ᠶᠢ ᠵᠣᠭᠰᠤᠭᠠᠵᠤ ᠪᠣᠯᠬᠤ ᠡᠷᠬᠡ ᠲᠠᠢ ᠃

ᠶᠢᠰᠦᠳᠦᠭᠡᠷ ᠭᠤᠷᠪᠠᠳᠠᠭᠴᠢ ᠡᠲᠡᠭᠡᠳ ᠦᠨ ᠬᠠᠩᠭᠠᠬᠤ ᠪᠦᠲᠦᠭᠡᠭᠳᠡᠬᠦᠨ ᠪᠤᠶᠤ ᠦᠢᠯᠡᠴᠢᠯᠡᠭᠡ

ᠲᠠ ᠬᠡᠷᠪᠡ ᠲᠡᠯᠡᠬᠡᠢ ᠺᠣᠮᠫᠠᠨᠢ ᠦ ᠲᠠᠪᠴᠠᠩ ᠡᠴᠡ ᠭᠤᠷᠪᠳᠠᠭᠴᠢ ᠡᠲᠡᠭᠡᠳ ᠦᠨ ᠬᠠᠩᠭᠠᠭᠰᠠᠨ ᠪᠦᠲᠦᠭᠡᠭᠳᠡᠬᠦᠨ ᠪᠤᠶᠤ ᠦᠢᠯᠡᠴᠢᠯᠡᠭᠡ ᠶᠢ ᠬᠡᠷᠡᠭᠯᠡᠬᠦ ᠦᠶ᠎ᠡ ᠳᠦ ᠲᠤᠰ ᠬᠡᠯᠡᠯᠴᠡᠭᠡᠷ ᠲᠤ ᠲᠤᠭᠲᠠᠭᠰᠠᠨ ᠵᠦᠢᠯ  ᠢ ᠵᠢᠷᠤᠮᠯᠠᠬᠤ ᠡᠴᠡ ᠭᠠᠳᠠᠨ᠎ᠠ ᠭᠤᠷᠪᠳᠠᠭᠴᠢ ᠡᠲᠡᠭᠡᠳ ᠦᠨ ᠬᠡᠷᠡᠭᠯᠡᠭᠴᠢ ᠵᠢᠨ ᠬᠡᠯᠡᠯᠴᠡᠭᠡᠷ ᠢ ᠵᠢᠷᠤᠮᠯᠠᠬᠤ ᠬᠡᠷᠡᠭᠲᠡᠢ ᠃ ᠲᠡᠯᠡᠬᠡᠢ ᠺᠣᠮᠫᠠᠨᠢ ᠪᠠ ᠭᠤᠷᠪᠠᠳᠠᠭᠴᠢ ᠡᠲᠡᠭᠡᠳ ᠦᠨ ᠬᠣᠭᠤᠷᠤᠨᠳᠤ ᠬᠡᠷᠪᠡ ᠮᠠᠷᠭᠤᠯᠳᠤᠭᠠᠨ ᠭᠠᠷᠬᠤ ᠳᠦ ᠬᠦᠷᠪᠡᠯ ᠬᠠᠤᠯᠢ ᠳᠦ ᠲᠣᠭᠲᠠᠭᠰᠠᠨ ᠬᠦᠷᠢᠶ᠎ᠡ ᠬᠡᠪᠴᠢᠶᠡᠨ ᠳᠦ ᠥᠪᠡᠷ ᠥᠪᠡᠷ ᠦᠨ ᠡᠭᠦᠷᠭᠡ ᠬᠠᠷᠢᠭᠤᠴᠠᠯᠭ᠎ᠠ ᠪᠡᠨ ᠡᠬᠦᠷᠬᠡᠯᠡᠨ᠎ᠡ ᠃

ᠠᠷᠪᠠ ᠰᠣᠹᠲ ᠵᠢᠨ ᠦᠢᠯᠡᠴᠢᠯᠡᠭᠡ ᠬᠠᠩᠭᠠᠬᠤ ᠦᠨᠳᠦᠰᠦᠯᠡᠯ

ᠬᠡᠷᠪᠡ ᠲᠡᠯᠡᠬᠡᠢ ᠺᠣᠮᠫᠠᠨᠢ  ᠦ ᠰᠣᠹᠲ ᠡᠴᠡ ᠲᠠᠨ ᠳᠦ ᠦᠢᠯᠡᠴᠢᠯᠡᠭᠡ ᠬᠠᠩᠭᠠᠬᠤ ᠳᠦ ᠬᠦᠷᠪᠡᠯ ᠳᠠᠷᠠᠭᠠᠬᠢ ᠲᠦᠷᠢᠮ ᠲᠣᠭᠲᠠᠭᠠᠯ ᠢ ᠵᠢᠷᠤᠮᠯᠠᠬᠤ ᠬᠡᠷᠡᠭᠲᠡᠢ ᠃

10.1 ᠲᠠ ᠡᠨᠡ ᠬᠦ ᠦᠢᠯᠡᠴᠢᠯᠡᠭᠡ ᠶᠢ ᠬᠡᠷᠡᠭᠯᠡᠵᠦ ᠪᠠᠢᠭ᠎ᠠ ᠶᠠᠪᠤᠴᠠ ᠳᠦ ᠪᠡᠨ ᠰᠣᠹᠲ ᠲᠠᠲᠠᠬᠤ ᠱᠠᠭᠠᠷᠳᠠᠯᠭ᠎ᠠ ᠲᠠᠢ ᠦᠶ᠎ᠡ ᠳᠦ ᠲᠡᠯᠡᠬᠡᠢ ᠺᠣᠮᠫᠠᠨᠢ ᠡᠴᠡ ᠲᠠᠨ ᠳᠦ ᠵᠥᠪᠬᠡᠨ ᠬᠤᠪᠢ ᠬᠥᠮᠦᠨ ᠬᠡᠷᠡᠭᠯᠡᠵᠦ ᠪᠣᠯᠬᠤ ᠪᠣᠯᠪᠠᠴᠤ ᠪᠤᠰᠤᠳ ᠲᠤ ᠰᠢᠯᠵᠢᠭᠦᠯᠵᠦ ᠪᠣᠯᠬᠤ ᠦᠭᠡᠢ ᠵᠥᠪᠰᠢᠶᠡᠷᠡᠯ ᠢ ᠣᠯᠭᠤᠨ᠎ᠠ ᠃ ᠵᠥᠪᠬᠡᠨ ᠠᠰᠠᠭᠤᠨ ᠯᠠᠪᠯᠠᠬᠤ ᠪᠤᠶᠤ ᠲᠤᠰ ᠦᠢᠯᠡᠴᠢᠯᠡᠭᠡ ᠶᠢ ᠬᠡᠷᠡᠭᠯᠡᠬᠦ ᠵᠣᠷᠢᠯᠭ᠎ᠠ ᠪᠡᠷ ᠯᠠ ᠲᠤᠰ ᠰᠣᠹᠲ  ᠢ ᠠᠰᠢᠭᠯᠠᠨ᠎ᠠ ᠃

10.2 ᠬᠡᠷᠡᠭᠯᠡᠭᠴᠢ ᠵᠢᠨ ᠣᠢᠯᠠᠭᠠᠯᠲᠠ ᠶᠢ ᠲᠡᠭᠦᠯᠳᠡᠷᠵᠢᠭᠦᠯᠬᠦ ᠂ ᠦᠢᠯᠡᠴᠢᠯᠡᠭᠡ ᠵᠢᠨ ᠠᠶᠤᠯ ᠦᠭᠡᠢ ᠴᠢᠨᠠᠷ ᠪᠠ ᠪᠦᠲᠦᠭᠡᠭᠳᠡᠬᠦᠨ ᠦ ᠴᠢᠳᠠᠪᠬᠢ ᠵᠢᠨ ᠨᠢᠭᠡᠳᠦᠯᠲᠦ ᠰᠢᠨᠵᠢ ᠶᠢ ᠪᠠᠲᠤᠯᠠᠬᠤ ᠵᠢᠨ ᠲᠥᠯᠦᠭᠡ ᠲᠡᠯᠡᠬᠡᠢ ᠺᠣᠮᠫᠠᠨᠢ ᠨᠢ ᠲᠤᠰ ᠰᠣᠹᠲ ᠲᠤ ᠰᠢᠨᠡᠴᠢᠯᠡᠯ ᠬᠢᠵᠦ ᠮᠡᠳᠡᠨ᠎ᠡ ᠃ ᠲᠠ ᠰᠣᠹᠲ ᠢᠶᠡᠨ ᠬᠠᠮᠤᠭ ᠦᠨ ᠰᠢᠨ᠎ᠡ ᠬᠡᠯᠪᠡᠷᠢ ᠳᠦ ᠨᠢ ᠣᠷᠤᠭᠤᠯᠬᠤ ᠬᠡᠷᠡᠭᠲᠡᠢ ᠃ ᠲᠡᠢᠮᠦ ᠪᠢᠰᠢ ᠪᠣᠯ ᠲᠡᠯᠡᠬᠡᠢ ᠺᠣᠮᠫᠠᠨᠢ ᠪᠤᠰᠤᠳ ᠦᠢᠯᠡᠴᠢᠯᠡᠭᠡ ᠶᠢ ᠪᠠᠲᠤᠯᠠᠵᠤ ᠴᠢᠳᠠᠬᠤ ᠦᠭᠡᠢ ᠪᠠᠢᠵᠤ ᠮᠡᠳᠡᠨ᠎ᠡ ᠃

ᠲᠡᠯᠡᠬᠡᠢ ᠺᠣᠮᠫᠠᠨᠢ ᠨᠢ ᠠᠳᠠᠯᠢ ᠪᠤᠰᠤ ᠲᠥᠬᠦᠭᠡᠷᠦᠮᠵᠢ ᠳᠦ ᠠᠳᠠᠯᠢ ᠪᠤᠰᠤ ᠰᠣᠹᠲ ᠤᠭᠰᠠᠷᠠᠵᠤ ᠮᠡᠳᠡᠨ᠎ᠡ ᠃ ᠲᠠ ᠪᠣᠳᠠᠲᠤ ᠪᠠᠢᠳᠠᠯ ᠳᠦ ᠪᠡᠨ ᠲᠣᠬᠢᠷᠠᠭᠰᠠᠨ ᠲᠣᠬᠢᠷᠠᠮᠵᠢᠲᠠᠢ ᠬᠡᠯᠪᠡᠷᠢ ᠶᠢ ᠨᠢ ᠰᠣᠩᠭᠤᠨ ᠤᠭᠰᠠᠷᠠᠬᠤ ᠬᠡᠷᠡᠭᠲᠡᠢ ᠃ ᠲᠠ ᠰᠢᠭᠤᠳ ᠲᠡᠯᠡᠬᠡᠢ ᠺᠣᠮᠫᠠᠨᠢ ᠦ ᠰᠦᠯᠵᠢᠶᠡᠨ ᠡᠴᠡ ᠲᠠᠲᠠᠬᠤ ᠪᠤᠶᠤ ᠡᠰᠡᠬᠦᠯ᠎ᠡ ᠲᠡᠯᠡᠬᠡᠢ ᠺᠣᠮᠫᠠᠨᠢ ᠦ ᠡᠷᠬᠡ ᠣᠯᠭᠤᠭᠰᠠᠨ ᠭᠤᠷᠪᠠᠳᠠᠭᠴᠢ ᠡᠲᠡᠭᠡᠳ ᠡᠴᠡ ᠠᠪᠴᠤ ᠪᠣᠯᠤᠨ᠎ᠠ ᠃ ᠬᠡᠷᠪᠡ ᠲᠠ ᠲᠡᠯᠡᠬᠡᠢ ᠺᠣᠮᠫᠠᠨᠢ ᠡᠴᠡ ᠡᠷᠬᠡ ᠣᠯᠭᠤᠭᠰᠠᠨ ᠦᠭᠡᠢ ᠭᠤᠷᠪᠠᠳᠠᠭᠴᠢ ᠡᠲᠡᠭᠡᠳ ᠡᠴᠡ ᠰᠣᠹᠲ ᠠᠪᠬᠤ ᠪᠤᠶᠤ ᠠᠳᠠᠯᠢ ᠨᠡᠷ᠎ᠡ  ᠲᠠᠢ ᠤᠭᠰᠠᠷᠠᠬᠤ ᠫᠠᠷᠤᠭᠷᠠᠮ ᠢ ᠠᠪᠬᠤ ᠳᠦ ᠬᠦᠷᠪᠡᠯ ᠲᠡᠯᠡᠬᠡᠢ ᠺᠣᠮᠫᠠᠨᠢ ᠨᠢ ᠰᠣᠹᠲ ᠦᠨ ᠬᠡᠪ  ᠦᠨ ᠪᠠᠢᠳᠠᠯ  ᠢᠶᠡᠷ ᠬᠡᠷᠡᠭᠯᠡᠬᠦ  ᠶᠢ ᠪᠠᠲᠤᠯᠠᠵᠤ ᠴᠢᠳᠠᠬᠤ ᠦᠭᠡᠢ ᠪᠡᠷ ᠪᠠᠷᠠᠬᠤ ᠦᠭᠡᠢ ᠲᠠᠨ ᠳᠦ ᠤᠴᠠᠷᠠᠭᠤᠯᠤᠭᠰᠠᠨ ᠬᠣᠬᠢᠷᠠᠯ ᠳᠦ ᠬᠠᠷᠢᠭᠤᠴᠠᠯᠭ᠎ᠠ ᠡᠬᠦᠷᠬᠡᠯᠡᠬᠦ ᠦᠭᠡᠢ ᠃

10.4 ᠲᠡᠯᠡᠬᠡᠢ ᠺᠣᠮᠫᠠᠨᠢ ᠦᠰᠦᠭ ᠪᠢᠴᠢᠭ᠌ ᠢᠶᠡᠷ ᠵᠥᠪᠰᠢᠶᠡᠷᠡᠬᠦ ᠦᠪᠡᠢ ᠪᠣᠯ ᠲᠠ ᠳᠠᠷᠠᠭᠠᠬᠢ ᠠᠵᠢᠯᠯᠠᠭ᠎ᠠ  ᠶᠢ ᠬᠢᠵᠦ ᠪᠣᠯᠬᠤ ᠦᠭᠡᠢ ᠃

︵ 1︶ ᠰᠣᠹᠲ ᠪᠤᠶᠤ ᠬᠠᠭᠤᠯᠪᠤᠷᠢ ᠳᠠᠬᠢ ᠵᠣᠬᠢᠶᠠᠨ ᠪᠦᠲᠦᠬᠡᠯᠬᠡ ᠵᠢᠨ ᠡᠷᠬᠡ ᠲᠠᠢ ᠬᠣᠯᠪᠤᠭᠳᠠᠬᠤ ᠮᠡᠳᠡᠭᠡᠯᠡᠯ ᠢ ᠤᠰᠠᠳᠭᠠᠵᠤ ᠪᠤᠯᠦᠬᠡᠢ ᠃

︵ 2︶ ᠰᠣᠹᠲ ᠢ ᠡᠰᠡᠷᠭᠦ ᠪᠡᠷ ᠲᠠᠬᠢᠨ ᠵᠣᠬᠢᠶᠠᠬᠤ ᠂ ᠨᠠᠢᠷᠠᠭᠤᠯᠬᠤ ᠂ ᠡᠮᠬᠢᠳᠭᠡᠬᠦ ᠂ ᠣᠷᠴᠢᠭᠤᠯᠤᠨ ᠨᠠᠢᠷᠠᠭᠤᠯᠬᠤ ᠂ ᠪᠤᠶᠤ ᠪᠤᠰᠤᠳ ᠠᠷᠭ᠎ᠠ ᠬᠡᠯᠪᠡᠷᠢ ᠪᠡᠷ ᠲᠤᠷᠰᠢᠨ ᠰᠣᠹᠲ ᠦᠨ ᠤᠤᠯ ᠳ᠋ᠤᠭᠠᠷ ᠢ ᠵᠣᠬᠢᠶᠠᠨ ᠪᠦᠲᠦᠬᠡᠬᠦ ᠠᠷᠭ᠎ᠠ ᠠᠪᠴᠠᠯ ᠠᠪᠴᠤ ᠪᠣᠯᠬᠤ ᠦᠭᠡᠢ ᠃

︵3 ︶ ᠲᠡᠯᠡᠬᠡᠢ ᠺᠣᠮᠫᠠᠨᠢ ᠦ ᠨᠢᠭᠡᠨᠲᠡ ᠬᠦᠯᠢᠶᠡᠨ ᠵᠥᠪᠰᠢᠶᠡᠷᠡᠭᠰᠡᠨ ᠮᠡᠳᠡᠯᠭᠡ ᠵᠢᠨ ᠡᠷᠬᠡ ᠵᠢᠨ ᠠᠭᠤᠯᠭ᠎ᠠ ᠶᠢ ᠬᠡᠷᠡᠭᠯᠡᠬᠦ ᠲᠦᠷᠢᠶᠡᠰᠦᠯᠡᠬᠦ ᠂ ᠵᠢᠬᠡᠯᠡᠬᠦᠯᠬᠦ ᠂ ᠺᠤᠪᠠᠳᠠᠬᠤ ᠂ ᠵᠠᠰᠠᠬᠤ ᠂ ᠴᠥᠷᠬᠡᠯᠡᠬᠦ ᠂ ᠰᠢᠨᠵᠢᠯᠡᠬᠦᠯᠦᠨ ᠨᠡᠢᠲᠡᠯᠡᠬᠦ ᠂ ᠡᠮᠬᠢᠯᠡᠨ ᠬᠤᠷᠢᠶᠠᠩᠭᠤᠢᠯᠠᠬᠤ ᠂ ᠨᠡᠢᠲᠡᠯᠡᠬᠦ ᠂ ᠬᠡᠪᠯᠡᠬᠦ ᠂ ᠪᠦᠲᠦᠭᠡᠨ ᠴᠣᠭᠴᠠᠯᠠᠭᠰᠠᠨ ᠵᠡᠷᠭᠡ

︵ 4︶ ᠰᠣᠹᠲ ᠪᠤᠶᠤ ᠰᠣᠹᠲ ᠶᠢ ᠬᠡᠷᠡᠭᠯᠡᠬᠦ ᠶᠠᠪᠤᠴᠠ ᠳᠦ ᠲᠣᠨᠤᠭ ᠲᠦᠬᠦᠬᠡᠷᠮᠦᠵᠢ ᠳᠦ ᠬᠠᠳᠠᠭᠠᠯᠠᠭᠳᠠᠵᠤ ᠪᠠᠢᠭ᠎ᠠ ᠲᠣᠭ᠎ᠠ ᠪᠠᠷᠢᠮᠲᠠ ᠂ ᠰᠣᠹᠲ ᠦᠨ ᠠᠵᠢᠯᠯᠠᠬᠤ ᠶᠠᠪᠤᠴᠠ ᠳᠤᠮᠳᠠᠬᠢ ᠪᠠ ᠦᠢᠯᠡᠴᠢᠯᠡᠭᠡᠨ ᠦ ᠲᠥᠬᠦᠭᠡᠷᠦᠮᠵᠢ ᠵᠢᠨ ᠰᠣᠯᠢᠯᠴᠠᠬᠤ ᠲᠣᠭ᠎ᠠ ᠪᠠᠷᠢᠮᠲᠠ ᠵᠢᠴᠢ ᠰᠤᠪᠹᠲ ᠦᠨ ᠠᠵᠢᠯᠯᠠᠬᠤ ᠳᠦ ᠡᠷᠬᠡᠪᠰᠢ ᠬᠡᠷᠡᠭᠯᠡᠬᠦ ᠰᠢᠰᠲ᠋ᠧᠮ ᠦ ᠲᠣᠭ᠎ᠠ ᠪᠠᠷᠢᠮᠲᠠ ᠶᠢ ᠬᠠᠭᠤᠯᠪᠤᠷᠢᠯᠠᠬᠤ ᠂ ᠵᠠᠰᠠᠬᠤ ᠂ ᠨᠡᠮᠡᠬᠦ, ᠤᠰᠠᠳᠭᠠᠬᠤ ᠂ ᠠᠵᠢᠯᠯᠠᠭ᠎ᠠ ᠪᠠ ᠶᠠᠮᠠᠷ ᠨᠢᠭᠡ ᠪᠦᠲᠦᠭᠡᠭᠳᠡᠬᠦᠨ ᠢ ᠵᠣᠬᠢᠶᠠᠬᠤ ᠂ ᠠᠷᠭ᠎ᠠ ᠬᠡᠯᠪᠡᠷᠢ ᠳᠦ ᠤᠭᠰᠠᠷᠠᠬᠤ ᠲᠣᠨᠤᠭ ᠂ ᠲᠡᠯᠡᠬᠡᠢ ᠺᠣᠮᠫᠠᠨᠢ ᠡᠴᠡ ᠡᠷᠬᠡ ᠣᠯᠭᠤᠭᠰᠠᠨ ᠭᠤᠷᠪᠠᠳᠠᠭᠴᠢ ᠡᠲᠡᠭᠡᠳ ᠦᠨ ᠪᠠᠭᠠᠵᠢ ᠬᠡᠷᠡᠭᠰᠡᠯ  ᠢ ᠪᠠᠭᠲᠠᠭᠠᠬᠤ ᠦᠭᠡᠢ ᠃

︵ 5︶ ᠰᠣᠹᠲ  ᠢ ᠵᠠᠰᠠᠬᠤ ᠪᠤᠶᠤ ᠰᠣᠹᠲ ᠦᠨ ᠠᠵᠢᠯᠯᠠᠭ᠎ᠠ ᠳᠤᠮᠳᠠ ᠵᠠᠷᠯᠢᠭ ᠂ ᠲᠣᠭ᠎ᠠ ᠪᠠᠷᠢᠮᠲᠠ ᠂ ᠨᠡᠮᠡᠬᠦ ᠤᠰᠠᠳᠭᠠᠬᠤ ᠂ ᠰᠣᠹᠲ ᠦᠨ ᠴᠢᠳᠠᠮᠵᠢ ᠪᠠ ᠠᠵᠢᠯᠯᠠᠬᠤ ᠦᠷ᠎ᠡ ᠨᠥᠯᠦᠭᠡ ᠶᠢ ᠬᠤᠪᠢᠷᠠᠭᠤᠯᠬᠤ ᠪᠡᠷ ᠳᠠᠮᠵᠢᠬᠤ ᠡᠰᠡᠬᠦᠯ᠎ᠡ ᠳᠡᠭᠡᠷ᠎ᠡ ᠳᠤᠷᠠᠳᠤᠭᠰᠠᠨ ᠬᠡᠷᠡᠭᠴᠡᠭᠡ ᠪᠦᠬᠦᠢ ᠰᠣᠹᠲ ᠠᠷᠭ᠎ᠠ ᠬᠡᠯᠪᠡᠢ ᠶᠢ ᠬᠡᠷᠡᠭᠯᠡᠨ ᠤᠯᠠᠨ ᠨᠡᠢᠲᠡ ᠳᠦ ᠲᠦᠬᠡᠬᠡᠬᠦ ᠡᠨᠡ ᠬᠦ ᠠᠵᠢᠯᠯᠠᠭ᠎ᠠ ᠨᠢ ᠠᠷᠠᠯᠵᠢᠶᠠᠨ ᠦ ᠵᠣᠷᠢᠯᠭ᠎ᠠ ᠲᠠᠢ ᠡᠰᠡᠬᠦ ᠶᠢ ᠣᠢᠯᠠᠭᠠᠬᠤ

︵ 6︶ᠲᠡᠯᠡᠬᠡᠢ ᠺᠣᠮᠫᠠᠨᠢ ᠵᠣᠬᠢᠶᠠᠨ ᠪᠦᠲᠦᠬᠡᠭᠰᠡᠨ ᠦᠭᠡᠢ ᠂ ᠲᠡᠯᠡᠬᠡᠢ ᠺᠣᠮᠫᠠᠨᠢ ᠡᠴᠡ ᠡᠷᠬᠡ ᠶᠢ ᠣᠯᠤᠭ᠎ᠠ ᠦᠭᠡᠢ ᠭᠤᠷᠪᠠᠳᠠᠭᠴᠢ ᠡᠲᠡᠭᠡᠳ ᠦᠨ ᠰᠣᠹᠲ ᠲᠥᠬᠦᠭᠡᠷᠦᠮᠵᠢ ᠂ ᠰᠢᠰᠲ᠋ᠧᠮ ᠢᠶᠡᠷ ᠳᠠᠮᠵᠢᠨ ᠲᠡᠯᠡᠬᠡᠢ ᠺᠣᠮᠫᠠᠨᠢ ᠦ ᠰᠣᠹᠲ ᠪᠠ ᠦᠢᠯᠡᠴᠢᠯᠡᠭᠡ  ᠳᠦ ᠨᠡᠪᠲᠡᠷᠡᠬᠦ ᠪᠤᠶᠤ ᠬᠡᠷᠡᠭᠯᠡᠵᠦ ᠂ ᠲᠡᠯᠡᠬᠡᠢ ᠺᠣᠮᠫᠠᠨᠢ

ᠦ ᠵᠣᠬᠢᠶᠠᠨ ᠪᠦᠲᠦᠬᠡᠭᠰᠡᠨ ᠦᠭᠡᠢ ᠂ ᠡᠷᠬᠡ ᠣᠯᠭᠤᠭᠰᠠᠨ ᠦᠭᠡᠢ ᠭᠤᠷᠪᠠᠳᠠᠭᠴᠢ ᠡᠲᠡᠭᠡᠳ ᠦᠨ ᠰᠣᠹᠲ ᠰᠢᠰᠲ᠋ᠧᠮ ᠢ ᠵᠣᠬᠢᠶᠠᠬᠤ ᠨᠡᠢᠲᠡᠯᠡᠬᠦ ᠨᠡᠪᠲᠡᠷᠡᠭᠦᠯᠬᠦ

ᠠᠷᠪᠠ ᠨᠢᠭᠡᠨ ᠮᠡᠳᠡᠯᠭᠡ ᠵᠢᠨ ᠥᠮᠴᠢᠯᠡᠬᠦ ᠡᠷᠬᠡ ᠵᠢᠨ ᠢᠯᠡᠷᠬᠡᠢᠯᠡᠯᠳᠡ

11.1ᠲᠡᠯᠡᠬᠡᠢ ᠺᠣᠮᠫᠠᠨᠢ ᠦ ᠡᠨᠡ ᠬᠦ ᠦᠢᠯᠡᠴᠢᠯᠡᠭᠡ ᠪᠡᠷ ᠬᠠᠩᠭᠠᠵᠤ ᠪᠠᠢᠭ᠎ᠠ ᠠᠭᠤᠯᠭ᠎ᠠ ᠵᠢᠨ ᠮᠡᠳᠡᠯᠭᠡ ᠵᠢᠨ ᠡᠷᠬᠡ ᠵᠢᠨ ᠥᠮᠴᠢᠯᠡᠬᠦ ᠡᠷᠬᠡ ᠨᠢ ᠲᠡᠯᠡᠬᠡᠢ ᠺᠣᠮᠫᠠᠨᠢ ᠳᠦ ᠬᠠᠮᠢᠶᠠᠷᠤᠭᠳᠠᠨ᠎ᠠ ᠃ ᠬᠡᠷᠡᠭᠯᠡᠭᠴᠢ ᠲᠤᠰ ᠦᠢᠯᠡᠴᠢᠯᠡᠭᠡ ᠶᠢ ᠬᠡᠷᠡᠭᠯᠡᠬᠦ ᠦᠶ᠎ᠡ ᠳᠦ ᠡᠭᠦᠰᠦᠭᠰᠡᠨ ᠠᠯᠢᠪᠠ ᠠᠭᠤᠯᠭ᠎ᠠ ᠵᠢᠨ ᠮᠡᠳᠡᠯᠭᠡ ᠵᠢᠨ ᠥᠮᠴᠢᠯᠡᠬᠦ ᠡᠷᠬᠡ ᠨᠢ ᠬᠡᠷᠡᠭᠯᠡᠭᠴᠢ ᠪᠤᠶᠤ ᠬᠣᠯᠪᠤᠭᠳᠠᠯ ᠪᠦᠬᠦᠢ ᠬᠥᠮᠦᠰ ᠦᠨ ᠡᠷᠬᠡ ᠠᠰᠢᠭ ᠲᠠᠢ ᠬᠣᠯᠪᠤᠭᠳᠠᠨ᠎ᠠ ᠃

11.2 ᠣᠨᠴᠠᠭᠠᠢᠯᠠᠨ ᠢᠯᠡᠷᠬᠡᠢᠯᠳᠡ ᠬᠢᠬᠡ ᠦᠭᠡᠢ ᠪᠠᠢᠳᠠᠯ ᠳᠦ ᠲᠡᠯᠡᠬᠡᠢ ᠺᠣᠮᠫᠠᠨᠢ ᠦ ᠬᠠᠩᠭᠠᠭᠰᠠᠨ ᠡᠨᠡ ᠬᠦ ᠦᠢᠯᠡᠴᠢᠯᠡᠭᠡ ᠶᠢ ᠬᠡᠷᠡᠭᠯᠡᠬᠦ ᠦᠶᠡᠰ ᠪᠦᠬᠦᠢᠯᠡ ᠰᠣᠹᠲ ᠦᠨ ᠵᠣᠬᠢᠶᠠᠨ ᠪᠦᠲᠦᠬᠡᠯᠬᠡ ᠵᠢᠨ ᠡᠷᠬᠡ ᠂ ᠲᠤᠰᠭᠠᠢ ᠠᠰᠢᠭ ᠦᠨ ᠡᠷᠬᠡ ᠪᠠ ᠪᠤᠰᠤᠳ ᠮᠡᠳᠡᠯᠭᠡ ᠵᠢᠨ ᠥᠮᠴᠢᠯᠡᠬᠦ ᠡᠷᠬᠡ ᠨᠢ ᠪᠦᠬᠦᠳᠡᠬᠡᠷ ᠢᠶᠡᠨ ᠲᠡᠯᠡᠬᠡᠢ ᠺᠣᠮᠫᠠᠨᠢ ᠳᠦ ᠬᠣᠯᠪᠤᠭᠳᠠᠨ᠎ᠠ ᠃

11.3 ᠲᠡᠯᠡᠬᠡᠢ ᠺᠣᠮᠫᠠᠨᠢ ᠦ ᠡᠨᠡ ᠬᠦ ᠦᠢᠯᠡᠴᠢᠯᠬᠡ ᠳᠦ ᠬᠡᠷᠡᠭᠯᠡᠵᠦ ᠪᠠᠢᠭ᠎ᠠ DelehiChime ᠂ ᠲᠡᠯᠡᠬᠡᠢ ᠺᠣᠮᠫᠠᠨᠢ ᠪᠤᠶᠤ ᠶᠠᠪᠠᠭᠠᠨ ᠭᠠᠯᠠᠭᠤ ᠵᠢᠨ ᠬᠡᠯᠪᠡᠷᠢᠲᠦ ᠠᠷᠠᠯᠵᠢᠶᠠᠨ ᠦ ᠲᠡᠮᠳᠡᠭᠲᠦ ᠵᠢᠨ ᠵᠣᠬᠢᠶᠠᠨ ᠪᠦᠲᠦᠬᠡᠯᠬᠡ ᠵᠢᠨ ᠡᠷᠬᠡ ᠪᠠ ᠠᠷᠠᠯᠵᠢᠶᠠᠨ ᠦ ᠯᠤᠺ ᠦᠨ ᠡᠷᠬᠡ ᠨᠢ ᠲᠡᠯᠡᠬᠡᠢ ᠺᠣᠮᠫᠠᠨᠢ ᠳᠦ ᠬᠠᠮᠢᠶᠠᠷᠤᠭᠳᠠᠨ᠎ᠠ ᠃

11.4 ᠳᠡᠭᠡᠷ᠎ᠡ ᠳᠤᠷᠠᠳᠤᠭᠰᠠᠨ ᠡᠴᠡ ᠭᠠᠳᠠᠨ᠎ᠠ ᠲᠤᠰ ᠦᠢᠯᠡᠴᠢᠯᠬᠡ  ᠳᠦ ᠪᠠᠭᠲᠠᠬᠤ ᠠᠯᠢᠪᠠ ᠠᠭᠤᠯᠭ᠎ᠠ ᠵᠢᠨ ᠮᠡᠳᠡᠯᠭᠡ ᠵᠢᠨ ᠥᠮᠴᠢᠯᠡᠬᠦ ᠡᠷᠬᠡ ᠨᠢ ᠬᠠᠤᠯᠢ ᠵᠢᠨ ᠬᠠᠮᠠᠭᠠᠯᠠᠯᠲᠠ ᠶᠢ ᠬᠦᠯᠢᠶᠡᠵᠦ ᠂ ᠲᠡᠯᠡᠬᠡᠢ ᠺᠣᠮᠫᠠᠨᠢ ᠂ ᠬᠡᠷᠡᠭᠯᠡᠭᠴᠢ ᠪᠠ ᠬᠣᠯᠪᠤᠭᠳᠠᠯ ᠪᠦᠬᠦᠢ ᠡᠷᠬᠡ ᠶᠢ ᠥᠮᠴᠢᠯᠡᠭᠴᠢ ᠵᠢᠨ ᠦᠰᠦᠭ ᠪᠢᠴᠢᠭ᠌ ᠦᠨ ᠬᠡᠯᠪᠡᠷᠢ ᠪᠡᠷ ᠵᠥᠪᠰᠢᠶᠡᠷᠡᠭᠰᠡᠨ ᠪᠢᠴᠢᠭ᠌ ᠦᠭᠡᠢ ᠪᠣᠯ ᠶᠠᠮᠠᠷ ᠴᠤ ᠬᠥᠮᠦᠨ ᠂ ᠶᠠᠮᠠᠷ ᠨᠢᠭᠡ ᠬᠡᠯᠪᠡᠷᠢ ᠪᠡᠷ ᠬᠡᠷᠡᠭᠯᠡᠬᠦ ᠪᠠ ᠡᠳᠡᠭᠡᠷ ᠪᠦᠲᠦᠭᠡᠭᠳᠡᠬᠦᠨ ᠢ ᠲᠠᠬᠢᠨ ᠵᠣᠬᠢᠶᠠᠨ ᠪᠦᠲᠦᠬᠡᠵᠤ ᠪᠣᠯᠬᠤ ᠦᠭᠡᠢ ᠃

ᠠᠷᠪᠠᠨ ᠬᠣᠶᠠᠷ ᠬᠡᠷᠡᠭᠯᠡᠭᠴᠢ ᠵᠢᠨ ᠬᠠᠤᠯᠢ ᠪᠤᠰᠤ ᠠᠵᠢᠯᠯᠠᠭ᠎ᠠ

12.1 ᠲᠠ ᠡᠨᠡ ᠬᠦ ᠦᠢᠯᠡᠴᠢᠯᠡᠭᠡ ᠶᠢ ᠬᠡᠷᠡᠭᠯᠡᠬᠦ  ᠳᠦ ᠪᠡᠨ ᠬᠠᠤᠯᠢ ᠴᠠᠭᠠᠵᠠ ᠶᠢ ᠴᠢᠩᠭ᠎ᠠ ᠵᠢᠷᠤᠮᠯᠠᠵᠤ ᠂ ᠡᠨᠡ ᠦᠢᠯᠡᠴᠢᠯᠡᠭᠡᠨ ᠢ ᠠᠰᠢᠭᠯᠠᠨ ᠬᠠᠤᠯᠢ ᠲᠦᠷᠢᠮ ᠵᠥᠷᠢᠴᠡᠭᠰᠡᠨ ᠠᠵᠢᠯᠯᠠᠭ᠎ᠠ ᠶᠢ ᠬᠢᠵᠦ ᠪᠣᠯᠬᠤ ᠦᠭᠡᠢ ᠃ ᠡᠭᠦᠨ ᠳᠦ ᠤᠯᠤᠰ ᠠᠷᠠᠳ ᠦᠨ ᠠᠮᠤᠷ ᠲᠦᠪᠰᠢᠨ ᠢ ᠬᠣᠬᠢᠷᠠᠭᠤᠯᠬᠤ ᠂ ᠨᠡᠢᠭᠡᠮ ᠦᠨ ᠠᠮᠤᠷ ᠲᠣᠭᠲᠠᠭᠤᠨ ᠢ ᠡᠪᠳᠡᠯᠡᠬᠦ ᠂ ᠤᠯᠠᠨ ᠨᠡᠢᠲᠡ ᠵᠢᠨ ᠰᠠᠢᠬᠠᠨ ᠵᠠᠩᠰᠢᠯ ᠢ ᠂ ᠳᠣᠷᠤᠮᠵᠢᠯᠠᠬᠤ ᠂ ᠪᠤᠰᠤᠳ ᠶᠢ ᠭᠤᠲᠤᠭᠠᠬᠤ ᠂ ᠰᠦᠷᠳᠡᠭᠦᠯᠬᠦ ᠵᠡᠷᠭᠡ ᠵᠦᠢᠯ ᠢ ᠨᠡᠢᠲᠡᠯᠡᠬᠦ ᠂ ᠳᠠᠮᠵᠢᠭᠤᠯᠬᠤ ᠂ ᠨᠡᠪᠲᠡᠷᠡᠭᠦᠯᠬᠦ ᠪᠠ ᠬᠠᠳᠠᠭᠠᠯᠠᠬᠤ ᠪᠠ ᠤᠯᠤᠰ ᠦᠨ ᠬᠠᠤᠯᠢ ᠴᠠᠭᠠᠵᠠ ᠶᠢ ᠡᠰᠡᠷᠭᠦᠴᠡᠬᠦ ᠠᠭᠤᠯᠭ᠎ᠠ ᠲᠠᠢ ᠵᠦᠢᠯ ᠢ ᠨᠡᠢᠳᠡᠯᠡᠵᠤ ᠪᠣᠯᠬᠤ ᠦᠭᠡᠢ ᠵᠡᠷᠭᠡ ᠠᠭᠤᠯᠭ᠎ᠠ ᠪᠠᠭᠲᠠᠬᠤ ᠪᠣᠯᠪᠠᠴᠤ ᠵᠥᠪᠬᠡᠨ ᠡᠳᠡᠭᠡᠷ ᠵᠦᠢᠯ ᠢᠶᠡᠷ ᠬᠢᠵᠠᠭᠠᠷᠯᠠᠭᠳᠠᠬᠤ ᠦᠭᠡᠢ ᠃ ᠡᠭᠦᠨ ᠳᠦ ᠄

︵ 1︶ ᠪᠤᠰᠤᠳ ᠦᠨ ᠮᠡᠳᠡᠯᠭᠡ ᠵᠢᠨ ᠡᠷᠬᠡ ᠥᠮᠴᠢᠯᠡᠬᠦ ᠡᠷᠬᠡ ᠂ ᠠᠷᠠᠯᠵᠢᠶᠠᠨ ᠦ ᠨᠢᠭᠤᠴᠠ ᠵᠡᠷᠭᠡ ᠬᠠᠤᠯᠢ ᠳᠦ ᠨᠡᠢᠴᠡᠬᠦ ᠦᠭᠡᠢ ᠠᠭᠤᠯᠭ᠎ᠠ ᠶᠢ ᠨᠡᠢᠲᠡᠯᠡᠬᠦ ᠳᠠᠮᠵᠢᠭᠤᠯᠬᠤ ᠂ ᠨᠡᠪᠲᠡᠷᠡᠭᠦᠯᠬᠦ ᠪᠠ ᠬᠠᠳᠠᠭᠠᠯᠠᠬᠤ ᠵᠡᠷᠭᠡ

︵ 2︶ ᠪᠣᠳᠠᠲᠤ ᠪᠠᠢᠳᠠᠯ ᠢ ᠬᠠᠭᠤᠷᠮᠠᠭᠯᠠᠨ ᠵᠣᠬᠢᠶᠠᠬᠤ ᠂ ᠦᠨᠡᠨ ᠪᠣᠳᠠᠲᠤ ᠵᠦᠢᠯ ᠢ ᠨᠢᠭᠤᠨ ᠳᠠᠯᠳᠠᠯᠠᠵᠤ ᠪᠤᠰᠤᠳ ᠢ ᠮᠡᠬᠡᠯᠡᠬᠦ

︵ 3︶ ᠬᠠᠤᠯᠢ ᠴᠠᠭᠠᠵᠠ ᠪᠠ ᠬᠠᠤᠯᠢ ᠲᠦᠷᠢᠮ ᠳᠦ ᠲᠣᠭᠲᠠᠭᠰᠠᠨ ᠴᠠᠭᠠᠵᠠᠯᠠᠵᠤ ᠪᠠᠢᠭ᠎ᠠ ᠠᠯᠢᠪᠠ ᠦᠢᠯᠡ ᠠᠵᠢᠯᠯᠠᠭ᠎ᠠ ᠵᠡᠷᠭᠡ ᠪᠠᠭᠲᠠᠨ᠎ᠠ ᠃

12.2 ᠬᠡᠷᠪᠡ ᠲᠠ ᠡᠨᠡ ᠵᠤᠷᠪᠤᠰ ᠢ ᠵᠥᠷᠢᠴᠡᠭᠰᠡᠨ ᠪᠣᠯ ᠤᠯᠤᠰ ᠦᠨ ᠬᠣᠯᠪᠤᠭᠳᠠᠯ ᠪᠦᠬᠦᠢ ᠠᠯᠪᠠᠨ ᠪᠠᠢᠭᠤᠯᠭ᠎ᠠ ᠪᠠ ᠨᠢᠭᠡᠴᠢ ᠂ ᠲᠠᠨ ᠢ ᠵᠠᠭᠠᠯᠳᠤᠬᠤ ᠪᠤᠶᠤ ᠲᠣᠷᠭᠤᠬᠤ ᠡᠰᠡᠬᠦᠯ᠎ᠡ ᠪᠤᠰᠤᠳ ᠠᠷᠭ᠎ᠠ ᠬᠡᠯᠪᠡᠷᠢ ᠬᠡᠷᠡᠭᠵᠢᠭᠦᠯᠬᠦ ᠵᠢᠨ ᠳᠠᠭᠠᠤ ᠂ ᠲᠡᠯᠡᠬᠡᠢ ᠺᠣᠮᠫᠠᠨᠢ ᠦ ᠲᠤᠰᠠᠯᠠᠮᠵᠢ ᠢ ᠱᠠᠭᠠᠷᠳᠠᠬᠤ ᠪᠣᠯᠤᠨ᠎ᠠ ᠃ ᠬᠣᠬᠢᠷᠠᠯ ᠭᠠᠷᠭᠠᠭᠰᠠᠨ ᠪᠠᠢᠪᠠᠯ ᠲᠠ ᠬᠠᠤᠯᠢ ᠳᠦ ᠲᠣᠭᠲᠠᠭᠠᠭᠰᠠᠨ ᠲᠥᠯᠦᠪᠦᠷᠢ ᠪᠡᠨ ᠥᠪᠡᠷ ᠢᠶᠡᠨ ᠬᠠᠷᠢᠭᠤᠴᠠᠨ᠎ᠠ ᠂ ᠬᠠᠷᠢᠨ ᠲᠡᠯᠡᠬᠡᠢ ᠺᠣᠮᠫᠠᠨᠢ ᠬᠠᠷᠢᠭᠤᠴᠠᠯᠭ᠎ᠠ ᠡᠬᠦᠷᠬᠡᠯᠡᠬᠦ ᠦᠭᠡᠢ ᠃

12.3 ᠬᠡᠷᠪᠡ ᠲᠡᠯᠡᠬᠡᠢ ᠺᠣᠮᠫᠠᠨᠢ ᠥᠪᠡᠷ ᠢᠶᠡᠨ ᠢᠯᠡᠷᠡᠭᠦᠯᠦᠭᠰᠡᠨ ᠪᠤᠶᠤ ᠪᠤᠰᠤᠳ ᠬᠥᠮᠦᠰ ᠂ ᠲᠠᠨ ᠦ ᠨᠡᠢᠲᠡᠯᠡᠭᠰᠡᠨ ᠮᠡᠳᠡᠭᠡᠯᠡᠯ ᠬᠠᠤᠯᠢ ᠵᠥᠷᠢᠴᠡᠭᠰᠡᠨ ᠬᠡᠮᠡᠨ ᠵᠠᠭᠠᠯᠳᠤᠭᠰᠠᠨ ᠪᠠᠢᠪᠠᠯ ᠲᠡᠯᠡᠬᠡᠢ ᠺᠣᠮᠫᠠᠨᠢ ᠲᠤᠰ ᠢᠶᠡᠷ ᠢᠶᠡᠨ ᠮᠠᠭᠠᠳᠯᠠᠨ ᠨᠤᠲᠠᠯᠠᠬᠤ ᠪᠤᠶᠤ ᠲᠤᠰᠭᠠᠢ ᠮᠡᠷᠭᠡᠵᠢᠯ ᠦᠨ ᠠᠷᠭ᠎ᠠ ᠬᠡᠯᠪᠡᠷᠢ ᠬᠡᠷᠡᠭᠯᠡᠵᠦ ᠂ ᠤᠰᠠᠳᠭᠠᠬᠤ ᠂ ᠳᠠᠯᠳᠠᠯᠠᠬᠤ ᠪᠤᠶᠤ ᠴᠦᠷᠬᠡᠯᠡᠬᠡ ᠶᠢ ᠲᠠᠰᠤᠯᠬᠤ ᠡᠷᠬᠡ ᠲᠠᠢ ᠃ ᠡᠭᠦᠨ ᠦ ᠳᠠᠭᠠᠤ ᠬᠡᠷᠡᠭᠯᠡᠭᠴᠢ ᠵᠢᠨ ᠪᠠᠢᠳᠠᠯ ᠢ  ᠨᠢ ᠦᠨᠳᠦᠰᠦᠯᠡᠵᠦ ᠂ ᠵᠣᠭᠰᠤᠭᠠᠬᠤ ᠪᠤᠶᠤ ᠦᠢᠯᠡᠴᠢᠯᠡᠭᠡ ᠶᠢ ᠳᠠᠭᠤᠰᠭᠠᠬᠤ ᠡᠷᠬᠡ ᠲᠠᠢ ᠃ ᠮᠥᠨ ᠴᠤ ᠬᠠᠤᠯᠢ ᠵᠢᠨ ᠬᠠᠷᠢᠭᠤᠴᠠᠯᠭ᠎ᠠ ᠡᠷᠢᠬᠦ ᠠᠷᠭ᠎ᠠ ᠬᠡᠮᠵᠢᠶ᠎ᠡ ᠠᠪᠤᠨ᠎ᠠ ᠃

12.4 ᠬᠡᠷᠪᠡ ᠲᠠ ᠲᠤᠰ ᠭᠡᠷ᠎ᠡ ᠵᠢᠨ ᠲᠦᠷᠢᠮ ᠲᠣᠭᠲᠠᠭᠠᠯ ᠢ ᠵᠦᠷᠢᠴᠡᠵᠤ ᠂ ᠶᠠᠮᠠᠷ ᠨᠢᠭᠡ ᠭᠤᠷᠪᠠᠳᠠᠭᠴᠢ ᠡᠲᠡᠭᠡᠳ ᠲᠤ ᠬᠣᠬᠢᠷᠠᠯ ᠤᠴᠠᠷᠠᠭᠤᠯᠤᠭᠰᠠᠨ ᠪᠣᠯ ᠠᠯᠢᠪᠠ ᠬᠠᠤᠯᠢ ᠵᠢᠨ ᠬᠠᠷᠢᠭᠤᠴᠠᠯᠭ᠎ᠠ ᠪᠡᠨ ᠥᠪᠡᠷ ᠢᠶᠡᠨ ᠡᠬᠦᠷᠬᠡᠯᠡᠬᠦ ᠬᠡᠷᠡᠭᠲᠡᠢ ᠃

ᠠᠷᠪᠠᠨ ᠭᠤᠷᠪᠠ ᠲᠤᠬᠠᠢ ᠵᠢᠨ ᠭᠠᠵᠠᠷ ᠦᠨ ᠬᠠᠤᠯᠢ ᠵᠢᠨ ᠪᠠᠢᠴᠠᠭᠠᠨ ᠬᠠᠮᠢᠶᠠᠷᠤᠯᠲᠠ ᠶᠢ ᠵᠢᠷᠤᠮᠯᠠᠬᠤ

13.1 ᠲᠠ ᠡᠨᠡ ᠬᠦ ᠦᠢᠯᠡᠴᠢᠯᠡᠭᠡ ᠶᠢ ᠬᠡᠷᠡᠭᠯᠡᠵᠦ ᠪᠠᠢᠭ᠎ᠠ ᠶᠠᠪᠤᠴᠠ ᠳᠦ ᠡᠷᠬᠡᠪᠰᠢ ᠲᠤᠬᠠᠢ ᠵᠢᠨ ᠭᠠᠵᠠᠷ ᠦᠨ ᠬᠣᠯᠪᠤᠭᠳᠠᠯ ᠪᠦᠬᠦᠢ ᠬᠠᠤᠯᠢ ᠴᠠᠭᠠᠵᠠ ᠲᠦᠷᠢᠮ ᠲᠣᠭᠲᠠᠭᠠᠯ  ᠢ ᠵᠢᠷᠤᠮᠯᠠᠬᠤ ᠵᠢᠨ ᠳᠠᠭᠠᠤ ᠂ᠲᠤᠬᠠᠢ ᠵᠢᠨ ᠭᠠᠵᠠᠷ ᠦᠨ ᠶᠣᠰᠤ ᠰᠤᠷᠲᠠᠬᠤᠨ ᠪᠠ ᠶᠣᠰᠤ ᠵᠠᠩᠰᠢᠯ ᠢ ᠵᠢᠷᠤᠮᠯᠠᠬᠤ ᠬᠡᠷᠡᠭᠲᠡᠢ ᠂ ᠬᠡᠷᠪᠡ ᠲᠠᠨ ᠦ ᠦᠢᠯᠡ ᠠᠵᠢᠯᠯᠠᠭ᠎ᠠ ᠨᠢ ᠲᠤᠬᠠᠢ ᠵᠢᠨ ᠭᠠᠵᠠᠷ ᠦᠨ ᠬᠠᠤᠯᠢ ᠴᠠᠭᠠᠵᠠ ᠲᠦᠷᠢᠮ ᠲᠣᠭᠲᠠᠭᠠᠯ ᠪᠠ ᠶᠣᠰᠤ ᠰᠤᠷᠲᠠᠬᠤᠨ ᠂ ᠵᠠᠩ ᠵᠠᠩᠰᠢᠯ ᠢ ᠵᠥᠷᠢᠴᠡᠭᠰᠡᠨ ᠪᠣᠯ ᠲᠠ ᠡᠷᠬᠡᠪᠰᠢ ᠥᠪᠡᠷ ᠢᠶᠡᠨ ᠬᠠᠷᠢᠭᠤᠴᠠᠯᠭ᠎ᠠ ᠡᠬᠦᠷᠬᠡᠯᠡᠬᠦ ᠬᠡᠷᠡᠭᠲᠡᠢ ᠃

13.2 ᠲᠠ ᠡᠷᠬᠡᠪᠰᠢ ᠂ ᠲᠤᠰ ᠦᠢᠯᠡᠴᠢᠯᠡᠭᠡ ᠪᠤᠶᠤ ᠲᠡᠯᠡᠬᠡᠢ ᠺᠣᠮᠫᠠᠨᠢ ᠢ ᠠᠰᠢᠭᠯᠠᠨ ᠤᠯᠤᠰ ᠲᠥᠷᠦ ᠪᠤᠶᠤ ᠤᠯᠠᠨ ᠨᠡᠢᠲᠡ ᠵᠢᠨ ᠬᠡᠷᠡᠭ ᠲᠤ ᠬᠣᠯᠪᠤᠭᠳᠠᠬᠤ ᠡᠴᠡ ᠵᠠᠢᠯᠠᠰᠬᠢᠬᠦ ᠬᠡᠷᠡᠭᠲᠡᠢ ᠃ ᠬᠡᠷᠪᠡ ᠲᠡᠢᠮᠦ ᠪᠢᠰᠢ ᠪᠣᠯ ᠲᠡᠯᠡᠬᠡᠢ ᠺᠣᠮᠫᠠᠨᠢ ᠡᠴᠡ ᠦᠢᠯᠡᠴᠢᠯᠡᠭᠡ ᠶᠢ ᠲᠦᠷ ᠵᠣᠭᠰᠤᠭᠠᠬᠤ ᠪᠤᠶᠤ ᠳᠠᠭᠤᠰᠭᠠᠬᠤ ᠡᠷᠬᠡ ᠲᠠᠢ ᠃

ᠠᠷᠪᠠᠨ ᠳᠥᠷᠪᠡ ᠬᠡᠷᠡᠭᠯᠡᠭᠴᠢ ᠵᠢᠨ ᠨᠡᠢᠳᠡᠯᠡᠵᠤ ᠨᠡᠪᠲᠡᠷᠡᠭᠦᠯᠦᠭᠰᠡᠨ ᠠᠭᠤᠯᠭ᠎ᠠ ᠪᠠ ᠭᠤᠷᠪᠠᠳᠠᠭᠴᠢ ᠡᠲᠡᠭᠡᠳ ᠦᠨ ᠵᠠᠭᠠᠯᠳᠤᠯᠭ᠎ᠠ ᠰᠢᠪᠦᠷᠢᠯᠡᠯᠳᠡ

14.1 ᠲᠠ ᠡᠨᠡ ᠬᠦ ᠦᠢᠯᠡᠴᠢᠯᠡᠭᠡ ᠪᠡᠷ ᠳᠠᠮᠵᠢᠨ ᠢᠯᠡᠬᠡᠭᠰᠡᠨ ᠪᠠ ᠳᠠᠮᠵᠢᠭᠤᠯᠤᠭᠰᠠᠨ ᠠᠭᠤᠯᠭ᠎ᠠ ᠳᠦ ᠪᠡᠨ ᠥᠪᠡᠷ ᠢᠶᠡᠨ ᠬᠠᠷᠢᠭᠤᠴᠠᠬᠤ ᠬᠡᠷᠡᠭᠲᠡᠢ ᠃

14.2 ᠲᠠ ᠂ ᠲᠡᠯᠡᠬᠡᠢ ᠺᠣᠮᠫᠠᠨᠢ ᠡᠴᠡ ᠲᠤᠰ ᠬᠡᠯᠡᠯᠴᠡᠭᠡᠷ ᠲᠤ ᠬᠡᠷᠡᠭᠵᠢᠭᠦᠯᠦᠭᠰᠡᠨ ᠪᠤᠶᠤ ᠲᠤᠰ ᠦᠢᠯᠡᠴᠢᠯᠡᠭᠡ ᠳᠦ ᠬᠠᠩᠭᠠᠭᠰᠠᠨ ᠵᠦᠢᠯ ᠢ ᠢᠯᠡᠭᠡᠬᠦ ᠪᠠ ᠨᠡᠪᠲᠡᠷᠡᠭᠦᠯᠬᠦ ᠶᠢ ᠵᠥᠪᠰᠢᠶᠡᠷᠡᠬᠦ ᠬᠡᠷᠡᠭᠲᠡᠢ ᠃

14.3 ᠬᠡᠷᠪ ᠲᠠᠨ ᠦ ᠢᠯᠡᠬᠡᠭᠰᠡᠨ ᠪᠤᠶᠤ ᠨᠡᠪᠲᠡᠷᠡᠭᠦᠯᠦᠭᠰᠡᠨ ᠠᠭᠤᠯᠭ᠎ᠠ ᠨᠢ ᠬᠣᠯᠪᠤᠭ᠎ᠠ ᠪᠦᠬᠦᠢ ᠡᠷᠬᠡ ᠠᠰᠢᠭ ᠲᠠᠢ ᠬᠥᠮᠦᠨ ᠦ ᠡᠷᠬᠡ ᠠᠰᠢᠭ ᠲᠠᠢ ᠬᠠᠯᠳᠠᠭᠰᠠᠨ ᠪᠠᠢᠳᠠᠯ ᠢ ᠮᠡᠳᠡᠭᠳᠡᠪᠡᠯ ᠂ ᠲᠡᠯᠡᠬᠡᠢ ᠺᠣᠮᠫᠠᠨᠢ ᠡᠴᠡ ᠲᠤᠰ ᠢᠶᠡᠷ ᠢᠶᠡᠨ ᠲᠠᠰᠤᠯᠬᠤ ᠪᠤᠶᠤ ᠤᠰᠠᠳᠭᠠᠬᠤ ᠂ ᠬᠠᠭᠠᠬᠤ ᠪᠠ ᠴᠦᠷᠬᠡᠯᠡᠬᠡ ᠶᠢ ᠲᠠᠰᠤᠯᠬᠤ ᠶᠢ ᠬᠦᠯᠢᠶᠡᠨ ᠵᠥᠪᠰᠢᠶᠡᠷᠡᠬᠦ ᠬᠡᠷᠡᠭᠲᠡᠢ ᠃

14.4 ᠲᠠ ᠲᠤᠰ ᠦᠢᠯᠡᠴᠢᠯᠡᠭᠡ ᠶᠢ ᠬᠡᠷᠡᠭᠯᠡᠵᠦ ᠪᠠᠢᠭ᠎ᠠ ᠦᠶ᠎ᠡ ᠳᠦ ᠪᠡᠨ ᠤᠯᠤᠰ ᠦᠨ ᠬᠠᠤᠯᠢ ᠴᠠᠭᠠᠵᠠ ᠲᠦᠷᠢᠮ ᠲᠣᠭᠲᠠᠭᠠᠯ ᠢ ᠵᠥᠷᠢᠴᠡᠬᠦ ᠦᠭᠡᠢ ᠂ ᠪᠤᠰᠤᠳ ᠦᠨ ᠬᠠᠤᠯᠢ ᠶᠣᠰᠤᠨ ᠦ ᠡᠷᠬᠡ ᠠᠰᠢᠭ ᠲᠤ ᠬᠠᠯᠳᠠᠬᠤ ᠦᠭᠡᠢ ᠪᠠᠢᠬᠤ ᠬᠡᠷᠡᠭᠲᠡᠢ ᠃ ᠬᠡᠷᠪᠡ ᠥᠭᠡᠷ᠎ᠡ ᠬᠥᠮᠦᠨ ᠲᠠᠨ ᠢ ᠡᠷᠬᠡ ᠠᠰᠢᠭ ᠲᠤ ᠬᠠᠯᠳᠠᠭᠰᠠᠨ ᠭᠡᠵᠦ ᠵᠠᠭᠠᠯᠳᠤᠬᠤ ᠪᠤᠶᠤ ᠪᠤᠰᠤᠳ ᠬᠥᠮᠦᠨ ᠲᠠᠨ ᠦ ᠡᠷᠬᠡ ᠠᠰᠢᠭ ᠲᠤ ᠬᠠᠯᠳᠠᠭᠰᠠᠨ ᠭᠡᠵᠦ ᠵᠠᠭᠠᠯᠳᠤᠬᠤ ᠦᠶ᠎ᠡ ᠳᠦ ᠲᠡᠯᠡᠬᠡᠢ ᠺᠣᠮᠫᠠᠨᠢ ᠡᠴᠡ ᠬᠣᠯᠪᠤᠭᠳᠠᠯ ᠪᠦᠬᠦᠢ ᠲᠠᠯ᠎ᠠ ᠳᠦ ᠬᠠᠷᠢᠯᠴᠠᠬᠤ ᠬᠠᠶᠢᠭ ᠂ ᠵᠠᠭᠠᠯᠳᠤᠭᠰᠠᠨ ᠬᠣᠯᠪᠤᠭᠳᠠᠯ ᠪᠦᠬᠦᠢ ᠠᠭᠤᠯᠭ᠎ᠠ ᠵᠡᠷᠭᠡ ᠴᠢᠬᠤᠯᠠ ᠮᠡᠳᠡᠭᠡᠯᠡᠯ ᠢ ᠨᠥᠭᠦᠭᠡ ᠡᠲᠡᠭᠡᠳ ᠪᠤᠶᠤ ᠬᠣᠯᠪᠤᠭᠳᠠᠬᠤ ᠪᠠᠢᠭᠤᠯᠤᠮᠵᠢ ᠳᠦ ᠬᠠᠩᠭᠠᠵᠤ ᠂ ᠮᠠᠷᠭᠤᠭᠠᠨ ᠵᠥᠷᠢᠴᠡᠯ  ᠢ ᠰᠢᠢᠳᠪᠦᠷᠢᠯᠡᠬᠦ ᠳᠦ ᠳᠥᠭᠦᠮ ᠦᠵᠡᠭᠦᠯᠦᠨ ᠂ ᠪᠤᠰᠤᠳ ᠦᠨ ᠬᠠᠤᠯᠢ ᠶᠣᠰᠤᠨ ᠦ ᠡᠷᠬᠡ ᠠᠰᠢᠭ ᠢ ᠬᠠᠮᠠᠭᠠᠯᠠᠬᠤ ᠶᠢ ᠬᠦᠯᠢᠶᠡᠨ ᠵᠥᠪᠰᠢᠶᠡᠷᠡᠬᠦ ᠬᠡᠷᠡᠭᠲᠡᠢ ᠃

ᠠᠷᠪᠠᠨ ᠲᠠᠪᠤ ᠳᠠᠪᠠᠵᠤ ᠴᠢᠳᠠᠰᠢ ᠦᠭᠡᠢ ᠬᠦᠴᠦᠨ ᠵᠦᠢᠯ ᠪᠠ ᠬᠠᠷᠢᠭᠤᠴᠠᠯᠭ᠎ᠠ ᠬᠦᠯᠢᠶᠡᠬᠦ ᠦᠭᠡᠢ ᠪᠤᠰᠤᠳ ᠵᠦᠢᠯ

15.1 ᠲᠤᠰ ᠦᠢᠯᠡᠴᠢᠯᠡᠭᠡ ᠶᠢ ᠬᠡᠷᠡᠭᠯᠡᠵᠦ ᠪᠠᠢᠭ᠎ᠠ ᠶᠠᠪᠤᠴᠠ ᠳᠤᠮᠳᠠ ᠳᠠᠪᠠᠵᠤ ᠴᠢᠳᠠᠰᠢ ᠦᠬᠡᠢᠠᠶᠤᠯ ᠪᠦᠬᠦᠢ ᠰᠢᠯᠲᠠᠭᠠᠨ ᠳᠤᠬᠢᠶᠠᠯᠳᠤᠵᠤ ᠡᠨᠡᠬᠦ ᠦᠢᠯᠡᠴᠢᠯᠡᠭᠡ ᠶᠢ ᠲᠠᠰᠤᠯᠳᠠᠭᠤᠯᠵᠤ ᠮᠡᠳᠡᠬᠦ ᠶᠢ ᠬᠦᠯᠢᠶᠡᠨ ᠵᠥᠪᠰᠢᠶᠡᠷᠡᠬᠦ ᠬᠡᠷᠡᠭᠲᠡᠢ ᠃ ᠳᠠᠪᠠᠵᠤ ᠳᠡᠢᠯᠦᠰᠢ ᠦᠭᠡᠢ ᠬᠦᠴᠦᠨ ᠭᠡᠳᠡᠭ ᠨᠢ ᠤᠷᠢᠳᠴᠢᠯᠠᠨ ᠮᠡᠳᠡᠵᠦ ᠴᠢᠳᠠᠬᠤ ᠦᠭᠡᠢ ᠂ ᠠᠷᠭᠠᠴᠠᠵᠤ ᠴᠢᠳᠠᠬᠤ ᠦᠭᠡᠢ ᠂ ᠵᠠᠢᠯᠠᠰᠬᠢᠵᠦ ᠴᠢᠳᠠᠬᠤ ᠦᠭᠡᠢ ᠮᠥᠷᠲᠡᠭᠡᠨ ᠨᠢᠭᠡ ᠲᠠᠯ᠎ᠠ ᠪᠠ ᠬᠣᠶᠠᠷ ᠲᠠᠯ᠎ᠠ ᠳᠦ ᠬᠦᠨᠳᠦ ᠨᠣᠴᠢᠲᠠᠢ ᠬᠣᠬᠢᠷᠠᠯ ᠤᠴᠠᠷᠠᠭᠤᠯᠵᠤ ᠮᠡᠳᠡᠬᠦ ᠪᠤᠰᠤᠳᠴᠢ ᠬᠡᠷᠡᠭ ᠶᠠᠪᠤᠳᠠᠯ ᠢ ᠵᠢᠭᠠᠵᠤ ᠪᠤᠢ ᠂ ᠡᠭᠦᠨ ᠳᠦ ᠪᠠᠢᠭᠠᠯᠢ ᠵᠢᠨ ᠭᠠᠮᠰᠢᠭ ᠂ ᠦᠶᠡᠷ ᠤᠰᠤᠳᠠᠯ ᠂ ᠭᠠᠵᠠᠷ ᠬᠥᠳᠡᠯᠦᠯᠲᠡ ᠪᠠ ᠬᠢᠵᠢᠭ᠌ ᠡᠪᠡᠳᠴᠢᠨ ᠳᠡᠯᠭᠡᠷᠡᠬᠦ ᠪᠠ ᠰᠠᠯᠬᠢᠨ ᠰᠢᠭᠤᠷᠭᠠᠨ ᠵᠢᠴᠢ ᠨᠡᠢᠭᠡᠮ ᠦᠨ ᠬᠡᠷᠡᠭ ᠶᠠᠪᠤᠳᠠᠯ ᠂ ᠲᠠᠢᠨ ᠪᠠᠢᠯᠳᠤᠭᠠᠨ ᠂ ᠤᠷᠪᠠᠯᠭᠠᠨ ᠂ᠤᠯᠤᠰ ᠲᠥᠷᠦ ᠵᠢᠨ ᠠᠵᠢᠯᠯᠠᠭ᠎ᠠ ᠵᠡᠷᠭᠡ ᠶᠢ ᠪᠠᠭᠲᠠᠬᠤ ᠪᠡᠷ ᠪᠠᠷᠠᠬᠤ ᠦᠭᠡᠢ ᠵᠥᠪᠬᠡᠨ ᠡᠭᠦᠨ ᠳᠦ ᠯᠠ ᠬᠢᠵᠠᠭᠠᠷᠯᠠᠭᠳᠠᠬᠤ ᠦᠭᠡᠢ ᠂ ᠡᠢᠮᠦᠷᠬᠦᠤ ᠪᠠᠢᠳᠠᠯ ᠭᠠᠷᠬᠤ ᠦᠶ᠎ᠡ ᠳᠦ ᠲᠡᠯᠡᠬᠡᠢ ᠺᠣᠮᠫᠠᠨᠢ ᠨᠢ ᠬᠠᠮᠤᠭ ᠲᠦᠷᠦᠭᠦᠨ ᠳᠦ ᠬᠣᠯᠪᠤᠭᠳᠠᠯ ᠪᠦᠬᠦᠢ ᠪᠠᠢᠭᠤᠯᠭ᠎ᠠ ᠲᠠᠢ ᠬᠠᠮᠵᠢᠯᠴᠠᠨ ᠴᠠᠭ ᠳᠠᠷᠤᠢ ᠳᠦ ᠨᠢ ᠵᠠᠰᠠᠨ ᠰᠡᠯᠪᠡᠬᠦ ᠪᠡᠷ ᠴᠢᠷᠮᠠᠢᠵᠤ ᠂ ᠭᠡᠪᠡᠴᠦ ᠲᠠᠨ ᠳᠦ ᠤᠴᠠᠷᠠᠭᠤᠯᠤᠭᠰᠠᠨ ᠬᠣᠬᠢᠷᠠᠯ ᠢᠬᠠᠤᠯᠢ ᠳᠦ ᠵᠥᠪᠰᠢᠶᠡᠷᠡᠭᠰᠡᠨ ᠬᠦᠷᠢᠶ᠎ᠡ ᠬᠡᠪᠴᠢᠶᠡᠨ ᠳᠦ ᠬᠠᠷᠢᠭᠤᠴᠠᠯᠭ᠎ᠠ ᠡᠬᠦᠷᠬᠡᠯᠡᠬᠦ ᠦᠭᠡᠢ ᠃

15.2 ᠬᠠᠤᠯᠢ ᠳᠦ ᠬᠦᠯᠢᠶᠡᠨ ᠵᠥᠪᠰᠢᠶᠡᠷᠡᠭᠰᠡᠨ ᠬᠦᠷᠢᠶ᠎ᠡ ᠬᠡᠪᠴᠢᠶᠡᠨ ᠳᠦ ᠲᠡᠯᠡᠬᠡᠢ ᠺᠣᠮᠫᠠᠨᠢ ᠨᠢ ᠳᠠᠷᠠᠭᠠᠬᠢ ᠮᠡᠲᠦ ᠦᠢᠯᠡᠴᠢᠯᠬᠡ ᠲᠠᠰᠤᠯᠳᠠᠬᠤ ᠪᠤᠶᠤ ᠬᠤᠷᠢᠭᠯᠠᠭᠳᠠᠬᠤ ᠦᠶ᠎ᠡ ᠳᠦ ᠬᠠᠷᠢᠭᠤᠴᠠᠯᠭ᠎ᠠ ᠡᠬᠦᠷᠬᠡᠯᠡᠬᠦ ᠦᠭᠡᠢ ᠃

︵ 1︶ ᠺᠣᠮᠫᠢᠦ᠋ᠲ᠋ᠧᠷ ᠦᠨ ᠸᠸᠷᠤᠰ ᠦᠨ ᠬᠣᠣᠷᠳᠠᠯ ︵ ︶ ︵ ︶ ︵ ︶ ᠫᠷᠤᠭ᠍ᠷᠠᠮ ᠂ ︵ ︶ ᠡᠪᠳᠡᠯᠭᠡ

︵ 2 ︶ ᠬᠡᠷᠡᠭᠯᠡᠭᠴᠢ ᠪᠠ ᠲᠡᠯᠡᠬᠡᠢ ᠺᠣᠮᠫᠠᠨᠢ ᠦ ᠺᠣᠮᠫᠢᠦ᠋ᠲ᠋ᠧᠷ  ᠦᠨ ᠰᠣᠹᠲ ᠂ ᠰᠢᠰᠲ᠋ᠧᠮ ᠪᠠ ᠬᠠᠲᠠᠭᠤ ᠳᠤᠨᠤᠭ ᠪᠠ ᠬᠠᠷᠢᠯᠴᠠᠬᠤ ᠱᠤᠭᠤᠮ ᠨᠢ ᠬᠠᠷᠰᠢ ᠰᠠᠭᠠᠳ ᠤᠴᠠᠷᠠᠬᠤ

︵ 3︶ ᠬᠡᠷᠡᠭᠯᠡᠭᠴᠢ ᠵᠢᠨ ᠠᠵᠢᠯᠯᠠᠭ᠎ᠠ ᠨᠢ ᠵᠣᠬᠢᠰ ᠦᠭᠡᠢ ᠪᠣᠯᠬᠤ

︵ 4︶ ᠬᠡᠷᠡᠭᠯᠡᠭᠴᠢ ᠨᠢ ᠲᠡᠯᠡᠬᠡᠢ ᠺᠣᠮᠫᠠᠨᠢ ᠦ ᠡᠷᠬᠡ ᠣᠯᠭᠤᠭᠰᠠᠨ ᠦᠭᠡᠢ ᠠᠷᠭ᠎ᠠ ᠬᠡᠯᠪᠡᠷᠢ ᠪᠡᠷ ᠲᠤᠰ ᠦᠢᠯᠡᠴᠢᠯᠡᠭᠡ ᠶᠢ ᠬᠡᠷᠡᠭᠯᠡᠬᠦ

︵ 5︶ ᠲᠡᠯᠡᠬᠡᠢ ᠺᠣᠮᠫᠠᠨᠢ ᠡᠵᠡᠮᠳᠡᠬᠦ ᠠᠷᠭ᠎ᠠ ᠦᠭᠡᠢ ᠪᠤᠶᠤ ᠲᠣᠬᠢᠷᠠᠮᠵᠢᠲᠠᠢ ᠠᠷᠭ᠎ᠠ ᠪᠡᠷ ᠤᠷᠢᠳᠴᠢᠯᠠᠨ ᠮᠡᠳᠡᠬᠦ ᠦᠭᠡᠢ ᠵᠡᠷᠭᠡ ᠪᠤᠰᠤᠳ ᠪᠠᠢᠳᠠᠯ ᠢ ᠪᠠᠭᠲᠠᠭᠠᠨ᠎ᠠ ᠃

15.3 ᠲᠤᠰ ᠦᠢᠯᠡᠴᠢᠯᠡᠭᠡ ᠶᠢ ᠬᠡᠷᠡᠭᠯᠡᠵᠦ ᠪᠠᠢᠭ᠎ᠠ ᠶᠠᠪᠤᠴᠠ ᠳᠦ ᠡᠭᠦᠰᠦᠭᠰᠡᠨ ᠰᠦᠯᠵᠢᠶᠡᠨ  ᠦ ᠰᠤᠷᠠᠭ ᠵᠠᠩᠭᠢ ᠪᠤᠶᠤ ᠪᠤᠰᠤᠳ ᠬᠡᠷᠡᠭᠯᠡᠭᠴᠢ ᠵᠢᠨ ᠠᠵᠢᠯᠯᠠᠭ᠎ᠠ ᠡᠴᠡ ᠪᠣᠯᠤᠭᠰᠠᠨ ᠠᠶᠤᠯ ᠲᠦᠭᠰᠢᠭᠦᠷᠢ  ᠳᠦ ᠲᠡᠯᠡᠬᠡᠢ ᠺᠣᠮᠫᠠᠨᠢ ᠨᠢ ᠡᠳᠡᠭᠡᠷ ᠠᠯᠢ ᠨᠢᠭᠡ ᠰᠤᠷᠠᠭ ᠵᠠᠩᠭᠢ ᠵᠢᠨ ᠦᠨᠡᠨ ᠪᠣᠳᠠᠲᠤ ᠴᠢᠨᠠᠷ ᠂ ᠬᠡᠷᠡᠭᠴᠡᠭᠡᠲᠦ ᠴᠢᠨᠠᠷ ᠬᠠᠤᠯᠢᠴᠢ ᠴᠢᠨᠠᠷ ᠵᠡᠷᠭᠡ ᠳᠦ ᠬᠠᠷᠢᠭᠤᠴᠠᠯᠭ᠎ᠠ ᠡᠬᠦᠷᠬᠡᠯᠡᠬᠦ ᠦᠭᠡᠢ ᠂ ᠪᠠᠰᠠ ᠬᠠᠯᠳᠠᠯᠭ᠎ᠠ ᠬᠢᠭᠰᠡᠨ ᠠᠵᠢᠯᠯᠠᠭ᠎ᠠ ᠡᠴᠡ ᠪᠣᠯᠵᠤ ᠲᠠᠨ ᠳᠦ ᠤᠴᠠᠷᠠᠭᠤᠯᠤᠭᠰᠠᠨ ᠬᠣᠬᠢᠷᠠᠯ ᠳᠦ ᠬᠠᠷᠢᠭᠤᠴᠠᠯᠭ᠎ᠠ ᠡᠬᠦᠷᠬᠡᠯᠡᠬᠦ ᠦᠭᠡᠢ ᠃ ᠡᠳᠡᠭᠡᠷ  ᠲᠤ ᠄

︵ 1︶ ᠪᠤᠰᠤᠳ ᠬᠥᠮᠦᠰ ᠦᠨ ᠨᠡᠷ᠎ᠡ ᠪᠡᠷ ᠰᠦᠷᠳᠡᠭᠦᠯᠬᠦ ᠂ ᠭᠦᠳᠭᠡᠬᠦ ᠂ ᠪᠤᠰᠤᠳ ᠦᠨ ᠡᠭᠳᠡᠭᠦᠴᠡᠯ ᠢ ᠬᠦᠷᠭᠡᠭᠰᠡᠨ ᠪᠤᠶᠤ ᠬᠠᠤᠯᠢ ᠪᠤᠰᠤ ᠠᠭᠤᠯᠭ᠎ᠠ ᠲᠠᠢ ᠮᠡᠳᠡᠭᠡ ᠢᠷᠡᠭᠦᠯᠦᠭᠰᠡᠨ

︵2︶ ᠲᠤᠰ ᠬᠡᠯᠡᠯᠴᠡᠭᠡᠷ ᠢ ᠦᠢᠯᠡᠴᠢᠯᠡᠭᠡ ᠶᠢ ᠠᠰᠢᠭᠯᠠᠨ ᠪᠤᠰᠤᠳ  ᠦᠨ ᠪᠤᠷᠤᠭᠤ ᠪᠡᠷ ᠵᠢᠯᠤᠭᠤᠳᠬᠤ ᠮᠡᠬᠡᠯᠡᠬᠦ  ᠡᠴᠡ ᠪᠣᠯᠵᠤ ᠶᠠᠮᠠᠷ ᠨᠢᠭᠡᠨ ᠰᠡᠳᠭᠢᠯ ᠰᠠᠨᠠᠭᠠᠨ ᠦ ᠬᠣᠬᠢᠷᠠᠯ ᠪᠤᠶᠤ ᠠᠵᠤ ᠠᠬᠤᠢ ᠵᠢᠨ ᠬᠣᠬᠢᠷᠠᠯ ᠳᠦ ᠤᠴᠠᠷᠠᠬᠤ ᠶᠠᠪᠤᠳᠠᠯ

︵ 3︶ ᠪᠤᠰᠤᠳ ᠰᠦᠯᠵᠢᠶᠡᠨ ᠦ ᠰᠤᠷᠠᠭ ᠴᠢᠮᠡᠭᠡ ᠪᠤᠶᠤ ᠬᠡᠷᠡᠭᠯᠡᠭᠴᠢ ᠵᠢᠨ ᠠᠵᠢᠯᠯᠠᠭ᠎ᠠ ᠡᠴᠡ ᠡᠭᠦᠰᠦᠭᠰᠡᠨ ᠬᠣᠬᠢᠷᠠᠯ ᠵᠡᠷᠭᠡ ᠪᠠᠭᠲᠠᠬᠤ ᠪᠣᠯᠪᠠᠴᠤ ᠵᠥᠪᠬᠡᠨ ᠡᠳᠡᠭᠡᠷ ᠵᠦᠢᠯ ᠢᠶᠡᠷ ᠬᠢᠵᠠᠭᠠᠷᠯᠠᠭᠳᠠᠬᠤ ᠦᠭᠡᠢ ᠃

15.4 ᠲᠤᠰ ᠦᠢᠯᠡᠴᠢᠯᠡᠭᠡᠨ ᠦ ᠪᠤᠰᠤ ᠵᠠᠷᠢᠮ ᠨᠢᠭᠡ ᠣᠨᠴᠠ ᠵᠣᠷᠢᠯᠲᠠ ᠲᠠᠢ ᠲᠣᠬᠢᠷᠠᠭᠤᠯᠭ᠎ᠠ ᠂ ᠳᠠᠷᠤᠢ ᠴᠡᠷᠢᠭ ᠦᠨ ᠶᠠᠪᠤᠳᠠᠯ ᠦᠨ ᠬᠡᠷᠡᠭᠴᠡᠭᠡ ᠂ ᠡᠮ ᠡᠮᠨᠡᠯᠭᠡ ᠵᠢᠨ ᠲᠥᠬᠦᠭᠡᠷᠦᠮᠵᠢ ᠂ ᠵᠠᠮ ᠬᠠᠷᠢᠯᠴᠠᠭᠠᠨ ᠦ ᠨᠡᠪᠳᠡᠷᠡᠯᠬᠡ ᠵᠡᠷᠭᠡ ᠴᠢᠬᠤᠯᠠ ᠵᠦᠢᠯ ᠢ ᠪᠠᠭᠲᠠᠨ᠎ᠠ ᠃ ᠬᠡᠷᠪᠡ ᠰᠣᠹᠲ ᠪᠤᠶᠤ ᠦᠢᠯᠡᠴᠢᠯᠡᠭᠡᠨ ᠦ ᠰᠢᠯᠲᠠᠭᠠᠨ ᠡᠴᠡ ᠪᠣᠯᠵᠤ ᠳᠡᠭᠡᠷ᠎ᠡ ᠥᠭᠦᠯᠡᠭᠰᠡᠨ ᠠᠵᠢᠯᠯᠠᠭ᠎ᠠ ᠬᠡᠷᠡᠭᠵᠢᠬᠦᠯᠦᠭᠳᠡᠬᠦ ᠦᠭᠡᠢ ᠡᠴᠡ ᠪᠡᠨ ᠪᠣᠯᠤᠭᠠᠳ ᠬᠥᠮᠦᠨ ᠰᠢᠷᠬᠠᠳᠠᠬᠤ ᠂ ᠡᠳ᠋ ᠪᠣᠳᠠᠰ ᠬᠣᠬᠢᠷᠠᠬᠤ ᠪᠠ ᠣᠷᠴᠢᠨ ᠲᠣᠭᠤᠷᠢᠨ ᠡᠪᠳᠡᠭᠳᠡᠬᠦ ᠵᠡᠷᠭᠡ ᠶᠠᠪᠤᠳᠠᠯ ᠳᠤᠯᠭᠠᠷᠠᠪᠠᠯ ᠲᠡᠯᠡᠬᠡᠢ ᠺᠣᠮᠫᠠᠨᠢ ᠨᠢ ᠬᠠᠤᠯᠢ ᠵᠢᠨ ᠬᠠᠷᠢᠭᠤᠴᠠᠯᠭ᠎ᠠ ᠡᠬᠦᠷᠬᠡᠯᠡᠬᠦ ᠦᠭᠡᠢ ᠃

15.5 ᠲᠡᠯᠡᠬᠡᠢ ᠺᠣᠮᠫᠠᠨᠢ ᠨᠢ ᠲᠤᠰ ᠬᠡᠯᠡᠯᠴᠡᠭᠡᠷ ᠢ ᠦᠨᠳᠦᠰᠦᠯᠡᠨ ᠬᠠᠤᠯᠢ ᠲᠦᠷᠢᠮ ᠵᠥᠷᠢᠴᠡᠭᠰᠡᠨ ᠠᠭᠤᠯᠭ᠎ᠠ ᠶᠢ ᠰᠢᠢᠳᠪᠦᠷᠢᠯᠡᠬᠦ ᠡᠷᠬᠡ ᠲᠠᠢ ᠂ ᠲᠤᠰ ᠡᠷᠬᠡ ᠠᠰᠢᠭ ᠨᠢ ᠲᠡᠯᠡᠬᠡᠢ ᠺᠣᠮᠫᠠᠨᠢ ᠦ ᠡᠭᠦᠷᠭᠡ ᠪᠠ ᠠᠮᠠᠯᠳᠠᠯᠭ᠎ᠠ ᠶᠢ ᠪᠦᠷᠢᠯᠳᠦᠭᠦᠯᠬᠦ ᠦᠭᠡᠢ ᠂ ᠲᠡᠯᠡᠬᠡᠢ ᠺᠣᠮᠫᠠᠨᠢ ᠴᠠᠭ ᠳᠠᠷᠤᠢ ᠳᠦ ᠨᠢ ᠬᠠᠤᠯᠢ ᠵᠥᠷᠢᠴᠡᠭᠰᠡᠨ ᠠᠵᠢᠯᠯᠠᠭ᠎ᠠ ᠶᠢᠢᠯᠡᠴᠢᠯᠡᠬᠦ ᠪᠠ ᠰᠢᠢᠳᠪᠦᠷᠢᠯᠡᠬᠦ ᠶᠢ ᠪᠠᠲᠤᠯᠠᠵᠤ ᠳᠡᠢᠯᠬᠦ ᠦᠭᠡᠢ ᠃

15.6 ᠶᠠᠮᠠᠷ ᠴᠤ ᠨᠥᠬᠦᠴᠡᠯ ᠳᠦ ᠵᠢᠭᠡᠯᠡᠯᠭᠡ ᠂ ᠨᠢᠭᠤᠴᠠ ᠳ᠋ᠤᠭᠠᠷ ᠬᠠᠢᠬᠤ ᠪᠠ ᠪᠤᠰᠤᠳ ᠡᠳ᠋ ᠬᠥᠷᠦᠩᠭᠡ ᠳᠦ ᠬᠣᠯᠪᠤᠭᠳᠠᠬᠤ ᠮᠡᠳᠡᠭᠡ ᠶᠢ ᠬᠢᠯᠪᠠᠷᠬᠠᠨ ᠢᠶᠡᠷ ᠢᠳᠡᠬᠡᠵᠤ ᠪᠣᠯᠬᠤ ᠦᠭᠡᠢ ᠂ ᠡᠳ᠋ ᠬᠥᠷᠦᠩᠭᠡ ᠲᠠᠢ ᠬᠣᠯᠪᠤᠭᠳᠠᠭᠰᠠᠨ ᠠᠵᠢᠯᠯᠠᠭ᠎ᠠ ᠲᠠᠢ ᠳᠤᠬᠢᠶᠠᠯᠳᠤᠪᠠᠯ ᠤᠷᠢᠳ ᠢᠶᠡᠷ ᠡᠰᠡᠷᠭᠦ ᠡᠲᠡᠭᠡᠳ ᠦᠨ ᠢᠶᠡᠨ ᠪᠡᠶ᠎ᠡ ᠵᠢᠨ ᠭᠠᠷᠤᠯ ᠢ ᠳᠤᠳᠤᠯᠠᠵᠤ ᠵᠢᠨ ᠳᠠᠭᠠᠤ ᠴᠠᠭ ᠢᠮᠠᠭᠲᠠ ᠲᠡᠯᠡᠬᠡᠢ ᠺᠣᠮᠫᠠᠨᠢ ᠦ ᠮᠡᠬᠡᠯᠡᠯ  ᠢ ᠰᠡᠷᠭᠡᠢᠯᠡᠬᠦ ᠰᠠᠨᠠᠭᠤᠯᠤᠮᠵᠢ ᠶᠢ ᠰᠠᠨᠠᠭᠠᠨ ᠳᠦ ᠪᠡᠨ ᠠᠪᠬᠤ ᠬᠡᠷᠡᠭᠲᠡᠢ ᠃

ᠠᠷᠪᠠᠨ ᠵᠢᠷᠭᠤᠭ᠎ᠠ ᠬᠡᠯᠡᠯᠴᠡᠭᠡᠷ ᠦᠨ ᠬᠦᠴᠦᠨ ᠪᠦᠬᠦᠢ ᠬᠤᠭᠤᠴᠠᠭ᠎ᠠ ᠪᠠ ᠥᠭᠡᠷᠡᠴᠢᠯᠡᠯᠲᠡ

16.1 ᠲᠠ ᠲᠡᠯᠡᠬᠡᠢ ᠺᠣᠮᠫᠠᠨᠢᠦ ᠦᠢᠯᠡᠴᠢᠯᠡᠭᠡ ᠶᠢ ᠬᠡᠷᠡᠭᠯᠡᠬᠦ ᠨᠢ ᠲᠤᠰ ᠬᠡᠯᠡᠯᠴᠡᠭᠡᠷ ᠢ ᠤᠩᠰᠢᠬᠤ ᠵᠢᠨ ᠵᠡᠷᠭᠡ ᠬᠦᠯᠢᠶᠡᠨ ᠵᠥᠪᠰᠢᠶᠡᠷᠡᠭᠰᠡᠨ  ᠡᠴᠡ ᠡᠬᠢᠯᠡᠨ ᠬᠡᠷᠡᠭᠵᠢᠬᠦᠯᠦᠭᠳᠡᠨ᠎ᠡ ᠃

16.2 ᠲᠡᠯᠡᠬᠡᠢ ᠺᠣᠮᠫᠠᠨᠢ ᠨᠢ ᠴᠢᠬᠤᠯᠠ ᠲᠠᠢ ᠦᠶ᠎ᠡ ᠳᠦ ᠲᠤᠰ ᠬᠡᠯᠡᠯᠴᠡᠭᠡᠷ ᠦᠨ ᠲᠦᠷᠢᠮ ᠲᠣᠭᠲᠠᠭᠠᠯ ᠢ ᠵᠠᠰᠠᠬᠤ ᠡᠷᠬᠡ ᠲᠠᠢ ᠂ ᠲᠠ ᠬᠣᠯᠪᠤᠭᠳᠠᠯ ᠪᠦᠬᠦᠢ ᠦᠢᠯᠡᠴᠢᠯᠡᠭᠡᠨ ᠦ ᠬᠠᠭᠤᠳᠠᠰᠤᠨ ᠡᠴᠡ ᠬᠠᠮᠤᠭ ᠰᠢᠨ᠎ᠡ ᠬᠡᠯᠡᠯᠴᠡᠭᠡᠷ ᠦᠨ ᠵᠤᠷᠪᠤᠰ ᠢ ᠤᠩᠰᠢᠵᠤ ᠪᠣᠯᠤᠨ᠎ᠠ ᠃

16.3 ᠲᠤᠰ ᠬᠡᠯᠡᠯᠴᠡᠭᠡᠷ ᠦᠨ ᠵᠤᠷᠪᠤᠰ ᠨᠢ ᠬᠤᠪᠢᠷᠠᠭᠰᠠᠨ ᠦ ᠳᠠᠷᠠᠭ᠎ᠠ ᠬᠡᠷᠪᠡ ᠲᠠ ᠦᠷᠭᠦᠯᠵᠢᠯᠡᠨ ᠲᠡᠯᠡᠬᠡᠢ ᠺᠣᠮᠫᠠᠨᠢ ᠦ ᠬᠠᠩᠭᠠᠭᠰᠠᠨᠰᠤᠹᠲ ᠪᠠ ᠦᠢᠯᠡᠴᠢᠯᠡᠭᠡ ᠶᠢ ᠬᠡᠷᠡᠭᠯᠡᠬᠦ ᠭᠡᠪᠡᠯ ᠵᠠᠰᠠᠭᠰᠠᠨ ᠦ ᠳᠠᠷᠠᠭᠠᠬᠢ ᠬᠡᠯᠡᠯᠴᠡᠭᠡᠷ ᠢ ᠬᠦᠯᠢᠶᠡᠨ ᠵᠥᠪᠰᠢᠶᠡᠷᠡᠭᠰᠡᠨ ᠡᠴᠡ ᠡᠬᠢᠯᠡᠨ ᠦᠵᠡᠨ᠎ᠡ ᠂ ᠬᠡᠷᠪᠡ ᠵᠠᠰᠠᠭᠰᠠᠨ ᠦ ᠳᠠᠷᠠᠭᠠᠬᠢ ᠬᠡᠯᠡᠯᠴᠡᠭᠡᠷ ᠢ ᠬᠦᠯᠢᠶᠡᠨ ᠵᠥᠪᠰᠢᠶᠡᠷᠡᠬᠦ ᠦᠭᠡᠢ ᠪᠣᠯ ᠲᠡᠯᠡᠬᠡᠢ ᠺᠣᠮᠫᠠᠨᠢ ᠦ ᠬᠠᠩᠭᠠᠭᠰᠠᠨ ᠰᠣᠹᠲ ᠪᠠ ᠦᠢᠯᠡᠴᠢᠯᠡᠭᠡ ᠪᠡᠨ ᠬᠡᠷᠡᠭᠯᠡᠬᠦ ᠪᠡᠨ ᠪᠣᠯᠢᠵᠤ ᠪᠣᠯᠤᠨ᠎ᠠ ᠃

ᠠᠷᠪᠠᠨ ᠳᠣᠯᠤᠭ᠎ᠠ ᠦᠢᠯᠡᠴᠢᠯᠡᠭᠡᠨ ᠢ ᠥᠭᠡᠷᠡᠴᠢᠯᠡᠬᠦ ᠂ ᠲᠠᠰᠤᠯᠬᠤ ᠂ ᠳᠠᠭᠤᠰᠭᠠᠬᠤ

17.1 ᠲᠡᠯᠡᠬᠡᠢ ᠺᠣᠮᠫᠠᠨᠢ ᠨᠢ ᠦᠢᠯᠡᠴᠢᠯᠡᠭᠡᠨ ᠦ ᠠᠭᠤᠯᠭ᠎ᠠ ᠪᠡᠨᠦᠬᠡᠷᠡᠴᠢᠯᠡᠬᠦ ᠲᠠᠰᠤᠯᠬᠤ ᠪᠠ ᠵᠣᠭᠰᠤᠭᠠᠬᠤ ᠂ ᠳᠠᠭᠤᠰᠭᠠᠬᠤ ᠪᠣᠯᠤᠮᠵᠢ ᠲᠠᠢ ᠃

17.2 ᠲᠡᠯᠡᠬᠡᠢ ᠺᠣᠮᠫᠠᠨᠢ ᠨᠢ ᠥᠪᠡᠷ ᠢᠶᠡᠨ ᠡᠵᠡᠩᠨᠡᠬᠦ ᠠᠷᠭ᠎ᠠ ᠪᠣᠳᠤᠯᠭ᠎ᠠ ᠲᠣᠭᠲᠠᠭᠠᠬᠤ ᠡᠷᠬᠡ ᠲᠠᠢ ᠭᠡᠳᠡᠭ ᠢ ᠲᠠ ᠬᠦᠯᠢᠶᠡᠨ ᠵᠥᠪᠰᠢᠶᠡᠷᠡᠬᠦ ᠬᠡᠷᠡᠭᠲᠡᠢ ᠃ ᠲᠡᠯᠡᠬᠡᠢ ᠺᠣᠮᠫᠠᠨᠢ ᠳᠦ ᠨᠡᠢᠯᠡᠭᠦᠯᠬᠦ ᠂ ᠬᠤᠪᠢᠶᠠᠷᠢᠯᠠᠬᠤ ᠂ ᠬᠤᠳᠠᠯᠳᠤᠨ ᠠᠪᠬᠤ ᠂ ᠡᠳ᠋ ᠬᠥᠷᠦᠩᠭᠡ ᠪᠡᠨ ᠰᠢᠯᠵᠢᠭᠦᠯᠬᠦ ᠦᠶ᠎ᠡ ᠳᠦ ᠲᠡᠯᠡᠬᠡᠢ ᠺᠣᠮᠫᠠᠨᠢ ᠨᠢ ᠭᠤᠷᠪᠠᠳᠠᠭᠴᠢ ᠡᠲᠡᠭᠡᠳ ᠲᠤ ᠲᠤᠰ ᠦᠢᠯᠡᠴᠢᠯᠡᠭᠡᠨ ᠳᠦ ᠬᠣᠯᠪᠤᠭᠳᠠᠬᠤ ᠡᠳ᠋ ᠬᠥᠷᠦᠩᠭᠡ  ᠶᠢ ᠰᠢᠯᠵᠢᠭᠦᠯᠦᠨ ᠥᠭᠴᠦ ᠪᠣᠯᠤᠨ᠎ᠠ ᠃ ᠲᠡᠯᠡᠬᠡᠢ ᠺᠣᠮᠫᠠᠨᠢ ᠪᠠᠰᠠ ᠲᠠᠨ ᠳᠦ ᠲᠤᠰ ᠢᠶᠡᠷ  ᠢᠶᠡᠨ ᠮᠡᠳᠡᠭᠳᠡᠭᠰᠡᠨ ᠦ ᠳᠠᠷᠠᠭ᠎ᠠ ᠲᠤᠰ ᠬᠡᠯᠡᠯᠴᠡᠭᠡᠷ ᠦᠨ ᠵᠠᠷᠢᠮ ᠬᠡᠰᠡᠭ ᠪᠤᠶᠤ ᠪᠦᠬᠦ ᠦᠢᠯᠡᠴᠢᠯᠡᠭᠡ ᠶᠢ ᠭᠤᠷᠪᠠᠳᠠᠭᠴᠢ ᠡᠲᠡᠭᠡᠳ ᠲᠤ ᠰᠢᠯᠵᠢᠭᠦᠯᠦᠨ ᠲᠤᠰᠢᠶᠠᠵᠤ ᠡᠵᠡᠩᠨᠡᠬᠦᠯᠬᠦ ᠪᠠ ᠬᠡᠷᠡᠭᠵᠢᠭᠦᠯᠦᠨ᠎ᠡ ᠃ ᠪᠣᠳᠠᠲᠤ ᠪᠠᠢᠳᠠᠯ ᠢ ᠭᠣᠣᠯᠯᠠᠬᠤ ᠡᠲᠡᠭᠡᠳ ᠦᠨ ᠲᠡᠯᠡᠬᠡᠢ ᠺᠣᠮᠫᠠᠨᠢᠳᠦ ᠮᠡᠳᠡᠭᠳᠡᠭᠰᠡᠨ ᠪᠠᠢᠳᠠᠯ ᠢᠶᠡᠷ ᠪᠠᠷᠢᠮᠵᠢᠶᠠᠯᠠᠨ᠎ᠠ ᠃

17.3 ᠳᠠᠷᠠᠭᠠᠬᠢ ᠶᠠᠮᠠᠷ ᠨᠢᠭᠡᠨ ᠪᠠᠢᠳᠠᠯ ᠲᠣᠬᠢᠶᠠᠯᠳᠤᠬᠤ ᠳᠦ ᠬᠦᠷᠪᠡᠯ ᠲᠡᠯᠡᠬᠡᠢ ᠺᠣᠮᠫᠠᠨᠢᠨᠢ ᠲᠠᠨ ᠳᠦ ᠬᠠᠩᠭᠠᠬᠤ ᠦᠢᠯᠡᠴᠢᠯᠡᠭᠡ ᠶᠢ ᠲᠠᠰᠤᠯᠬᠤ ᠪᠤᠶᠤ ᠳᠠᠭᠤᠰᠭᠠᠬᠤ ᠡᠰᠡᠬᠦᠯ᠎ᠡ ᠮᠡᠳᠡᠭᠳᠡᠬᠦ ᠦᠭᠡᠢ ᠪᠠᠢᠬᠤ ᠡᠷᠬᠡ ᠲᠠᠢ ᠃

︵ 1︶ ᠬᠠᠤᠯᠢ ᠴᠠᠭᠠᠵᠠ ᠲᠦᠷᠢᠮ ᠲᠣᠭᠲᠠᠭᠠᠯ ᠢ ᠦᠨᠳᠦᠰᠦᠯᠡᠵᠦ ᠲᠠ ᠦᠨᠡᠨ ᠪᠣᠳᠠᠲᠤ ᠮᠡᠳᠡᠭᠡᠯᠡᠯ ᠢᠶᠡᠨ ᠬᠠᠩᠭᠠᠬᠤ ᠬᠡᠷᠡᠭᠲᠡᠢ ᠂ ᠬᠡᠷᠪᠡ ᠲᠠᠨ ᠦ ᠬᠠᠩᠭᠠᠭᠰᠠᠨ ᠮᠡᠳᠡᠭᠡᠯᠡᠯ ᠨᠢ ᠣᠨᠤᠪᠴᠢ ᠦᠭᠡᠢ ᠪᠤᠶᠤ ᠪᠦᠷᠢᠳᠬᠡᠬᠦᠯᠬᠦ ᠦᠶ᠎ᠡ ᠵᠢᠨ ᠬᠢ ᠲᠠᠢ ᠠᠳᠠᠯᠢ ᠦᠭᠡᠢ ᠪᠣᠯᠪᠠᠯ ᠲᠣᠬᠢᠷᠠᠮᠵᠢᠲᠠᠢ ᠪᠠᠷᠢᠮᠲᠠ ᠬᠠᠩᠭᠠᠵᠤ ᠳᠡᠢᠯᠬᠦ ᠦᠭᠡᠢ ᠃

︵ 2︶ ᠲᠠ ᠬᠣᠯᠪᠤᠭᠳᠠᠯ ᠪᠦᠬᠦᠢ ᠬᠠᠤᠯᠢ ᠴᠠᠭᠠᠵᠠ ᠬᠠᠤᠯᠢ ᠲᠦᠷᠢᠮ ᠪᠤᠶᠤ ᠲᠤᠰ ᠬᠡᠯᠡᠯᠴᠡᠭᠡᠷ ᠦᠨ ᠲᠣᠭᠲᠠᠭᠠᠯ ᠢ ᠵᠥᠷᠢᠴᠡᠭᠰᠡᠨ

︵ 3︶ ᠬᠠᠤᠯᠢ ᠴᠠᠭᠠᠵᠠ ᠲᠦᠷᠢᠮ ᠲᠣᠭᠲᠠᠭᠠᠯ ᠪᠠ ᠭᠣᠣᠯᠳᠠᠯᠭ᠎ᠠ ᠲᠠᠢ ᠪᠠᠢᠭᠤᠯᠭ᠎ᠠ ᠨᠢᠭᠡᠴᠢ ᠵᠢᠨ ᠱᠠᠭᠠᠷᠳᠠᠯᠭ᠎ᠠ ᠢ ᠦᠨᠳᠦᠰᠦᠯᠡᠨ᠎ᠡ ᠃

︵ 4︶ ᠠᠶᠤᠯ ᠦᠭᠡᠢ ᠪᠠᠢᠳᠠᠯ ᠦᠨ ᠰᠢᠯᠲᠠᠭᠠᠨ ᠪᠠ ᠪᠤᠰᠤᠳ ᠴᠢᠬᠤᠯᠠ ᠬᠡᠷᠡᠭ ᠶᠠᠪᠤᠳᠠᠯ ᠡᠴᠡ ᠭᠠᠳᠠᠨ᠎ᠠ ᠃

17.4 ᠲᠡᠯᠡᠬᠡᠢ ᠺᠣᠮᠫᠠᠨᠢ ᠨᠢ ᠲᠤᠰ ᠬᠡᠯᠡᠯᠴᠡᠭᠡᠷ ᠦᠨ8.2 ᠵᠤᠷᠪᠤᠰ ᠦᠨ ᠲᠣᠭᠲᠠᠭᠠᠯ ᠢᠶᠡᠷ ᠰᠦᠢᠳᠭᠡᠯ ᠬᠤᠷᠢᠶᠠᠨ᠎ᠠ ᠃ ᠬᠡᠷᠪᠡ ᠲᠠ ᠲᠤᠭᠲᠠᠭᠰᠠᠨ ᠴᠠᠭ ᠲᠤ ᠪᠡᠨ ᠰᠦᠢᠳᠭᠡᠯ ᠳᠤᠰᠢᠶᠠᠭ᠎ᠠ ᠦᠭᠡᠢ ᠪᠣᠯ ᠲᠡᠯᠡᠬᠡᠢ ᠺᠣᠮᠫᠠᠨᠢ ᠨᠢ ᠦᠢᠯᠡᠴᠢᠯᠡᠭᠡ ᠪᠡᠨ ᠲᠠᠰᠤᠯᠬᠤ ᠵᠣᠭᠰᠤᠭᠠᠬᠤ ᠪᠠ ᠳᠠᠭᠤᠰᠭᠠᠬᠤ ᠡᠷᠬᠡ ᠲᠠᠢ ᠃

17.5 ᠲᠠ ᠥᠪᠡᠷ ᠢᠶᠡᠨ ᠲᠤᠰ ᠦᠢᠯᠡᠴᠢᠯᠡᠭᠡᠨ ᠦ ᠳᠤᠮᠳᠠᠬᠢ ᠲᠣᠭ᠎ᠠ ᠪᠠᠷᠢᠮᠲᠠ ᠶᠢ ᠬᠠᠳᠠᠭᠠᠯᠠᠬᠤ ᠬᠠᠷᠢᠭᠤᠴᠠᠯᠭ᠎ᠠ ᠲᠠᠢ ᠃ ᠬᠡᠷᠪᠡ ᠲᠠᠨ  ᠦ ᠦᠢᠯᠡᠴᠢᠯᠡᠭᠡ ᠶᠢ ᠳᠠᠭᠤᠰᠭᠠᠭᠰᠠᠨ ᠪᠣᠯ ᠲᠡᠯᠡᠬᠡᠢ ᠺᠣᠮᠫᠠᠨᠢ ᠨᠢ ᠦᠢᠯᠡᠴᠢᠯᠡᠭᠡᠨ ᠦ ᠲᠥᠬᠦᠭᠡᠷᠦᠮᠵᠢ ᠪᠡᠷ ᠲᠠᠨ ᠦ ᠲᠣᠭ᠎ᠠ ᠪᠠᠷᠢᠮᠲᠠ ᠶᠢ ᠥᠨᠢᠳᠡ ᠤᠰᠠᠳᠭᠠᠵᠤ ᠪᠣᠯᠤᠨ᠎ᠠ ᠃ ᠭᠡᠪᠡᠴᠦ ᠬᠠᠤᠯᠢ ᠴᠠᠭᠠᠵᠠᠲᠦᠷᠢᠮ ᠲᠣᠭᠲᠠᠭᠠᠯ  ᠳᠦ ᠲᠣᠭᠲᠠᠭᠰᠠᠨ ᠪᠤᠰᠤᠳ ᠪᠠᠢᠳᠠᠯ  ᠡᠴᠡ ᠭᠠᠳᠠᠨ᠎ᠠ ᠦᠢᠯᠡᠴᠢᠯᠡᠭᠡ ᠶᠢ ᠳᠠᠭᠤᠰᠭᠠᠭᠰᠠᠨ ᠦ ᠳᠠᠷᠠᠭ᠎ᠠ ᠲᠡᠯᠡᠬᠡᠢ ᠺᠣᠮᠫᠠᠨᠢ ᠨᠢ ᠲᠠᠨ ᠳᠦ ᠲᠣᠭ᠎ᠠ ᠪᠠᠷᠢᠮᠲᠠ ᠶᠢ ᠪᠤᠴᠠᠭᠠᠵᠤ ᠣᠯᠭᠤᠬᠤ ᠡᠭᠦᠷᠭᠡ ᠦᠭᠡᠢ ᠃

ᠠᠷᠪᠠᠨ ᠨᠠᠢ᠍ᠮᠠ ᠬᠠᠷᠢᠶᠠᠯᠠᠯ ᠪᠠ ᠬᠠᠤᠯᠢ ᠵᠢᠨ ᠳᠤᠬᠢᠷᠠᠯᠴᠠᠭ᠎ᠠ

18.1 ᠲᠤᠰ ᠬᠡᠯᠡᠯᠴᠡᠭᠡᠷ ᠦᠨ ᠪᠠᠢᠭᠤᠯᠤᠭᠳᠠᠬᠤ ᠬᠦᠴᠦᠨ  ᠲᠠᠢ ᠪᠣᠯᠬᠤ ᠂ ᠬᠡᠷᠡᠭᠵᠢᠬᠦᠯᠦᠭᠳᠡᠬᠦ ᠂ ᠲᠠᠢᠯᠪᠤᠷᠢᠯᠠᠬᠤ ᠪᠤᠶᠤ ᠮᠠᠷᠭᠤᠭᠠᠨ ᠢ ᠰᠢᠢᠳᠪᠦᠷᠢᠯᠡᠬᠦ ᠳᠦ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠦᠨ ᠡᠬᠡ ᠬᠠᠭᠤᠷᠠᠢ ᠵᠢᠨ ᠬᠠᠤᠯᠢ ᠴᠠᠭᠠᠵᠠ ᠶᠢ ᠬᠡᠷᠡᠭᠵᠢᠭᠦᠯᠦᠨ᠎ᠡ ᠃ ︵ ᠵᠥᠷᠢᠴᠡᠯ ᠦᠨ ᠬᠠᠤᠯᠢ ᠶᠢ ᠪᠠᠭᠲᠠᠭᠠᠬᠤ ᠦᠭᠡᠢ ︶

18.2 ᠲᠤᠰ ᠬᠡᠯᠡᠯᠴᠡᠭᠡᠷ ᠲᠤᠭᠲᠠᠭᠰᠠᠨ ᠭᠠᠵᠠᠷ ᠨᠢ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠦᠨ ᠭᠤᠸᠠᠩᠳᠦ᠋ᠩ ᠮᠤᠵᠢᠨ ᠱᠧᠨ ᠴᠢᠤᠸᠠᠨ ᠬᠤᠳᠠ ᠵᠢᠨ ᠨᠠᠨ ᠱᠠᠨ ᠳᠤᠭᠤᠷᠢᠭ

18.3 ᠬᠡᠷᠪᠡ ᠲᠠ ᠲᠡᠯᠡᠬᠡᠢ ᠺᠣᠮᠫᠠᠨᠢ ᠺᠠᠮᠫᠠᠨᠢ ᠲᠠᠢ ᠶᠠᠮᠠᠷ ᠨᠢᠭᠡᠨ ᠮᠠᠷᠭᠤᠭᠠᠨ ᠵᠥᠷᠢᠴᠡᠯ ᠭᠠᠷᠬᠤ ᠳᠦ ᠬᠦᠷᠪᠡᠯ ᠤᠷᠢᠳ ᠢᠶᠡᠷ ᠵᠥᠪᠳᠡᠯᠴᠡᠨ ᠰᠢᠢᠳᠪᠦᠷᠢᠯᠡᠬᠦ ᠬᠡᠷᠡᠭᠲᠡᠢ ᠃ ᠵᠥᠪᠳᠡᠯᠴᠡᠨ ᠰᠢᠳᠪᠦᠷᠢᠯᠡᠬᠡᠳ ᠪᠣᠯᠬᠤ ᠦᠭᠡᠢ ᠪᠣᠯ ᠲᠠ ᠮᠠᠷᠭᠤᠭᠠᠨ ᠪᠠ ᠵᠦᠷᠢᠴᠡᠯᠳᠦᠬᠡᠨ ᠢᠶᠡᠨ ᠲᠤᠰ ᠬᠡᠯᠡᠯᠴᠡᠭᠡᠷ ᠢ ᠲᠤᠭᠲᠠᠭᠰᠠᠨ ᠭᠠᠵᠠᠷ  ᠲᠤ ᠬᠠᠷᠢᠶᠠᠯᠠᠭᠳᠠᠬᠤ ᠠᠷᠠᠳ ᠦᠨ ᠰᠢᠭᠦᠬᠦ ᠬᠣᠷᠢᠶ᠎ᠠ  ᠳᠦ ᠳᠡᠪᠰᠢᠭᠦᠯᠵᠦ ᠪᠣᠯᠤᠨ᠎ᠠ ᠃

18.4 ᠲᠤᠰ ᠬᠡᠯᠡᠯᠴᠡᠭᠡᠷ ᠦᠨ ᠠᠯᠢᠪᠠ ᠵᠤᠷᠪᠤᠰ ᠦᠨ ᠭᠠᠷᠴᠠᠭ ᠨᠢ ᠵᠥᠪᠬᠡᠨ ᠤᠩᠰᠢᠵᠤ ᠣᠢᠯᠠᠭᠠᠬᠤ ᠳᠦ ᠳᠥᠭᠦᠮ ᠪᠣᠯᠬᠤ ᠡᠴᠡ ᠪᠢᠰᠢ ᠬᠠᠷᠢᠨ ᠪᠣᠳᠠᠲᠤ ᠠᠭᠤᠯᠤᠭᠳᠠᠬᠤᠨ ᠦᠭᠡᠢ ᠃ ᠡᠨᠡ ᠬᠡᠯᠡᠯᠴᠡᠭᠡᠷ ᠦᠨ ᠠᠭᠤᠯᠬᠤᠨ  ᠢᠶᠡᠷ ᠪᠠᠷᠢᠮᠲᠠᠯᠠᠯ ᠪᠣᠯᠭᠠᠵᠤ ᠪᠣᠯᠬᠤ ᠦᠭᠡᠢ ᠃

18.5 ᠬᠡᠷᠪᠡ ᠲᠤᠰ ᠬᠡᠯᠡᠯᠴᠡᠭᠡᠷ ᠦᠨ ᠶᠠᠮᠠᠷ ᠨᠢᠭᠡ ᠵᠤᠷᠪᠤᠰ ᠨᠢ ᠬᠦᠴᠦᠨ ᠦᠭᠡᠢ ᠪᠤᠶᠤ ᠬᠡᠷᠡᠭᠵᠢᠬᠦᠯᠦᠭᠳᠡᠬᠦ ᠦᠭᠡᠢ ᠂ ᠪᠤᠰᠤᠳ ᠵᠤᠷᠪᠤᠰ ᠨᠢ ᠬᠦᠴᠦᠨ ᠲᠠᠢ ᠪᠠᠢᠬᠤ ᠦᠶ᠎ᠡ ᠳᠦ ᠬᠣᠶᠠᠷ ᠲᠠᠯ᠎ᠠ ᠪᠡᠷ ᠢᠶᠡᠨ ᠭᠡᠷ᠎ᠡ ᠪᠡᠨ ᠴᠤᠴᠠᠯᠠᠬᠤ ᠡᠷᠬᠡ ᠲᠠᠢ ᠃

ᠠᠷᠪᠠ ᠶᠢᠰᠦ ᠨᠠᠰᠤᠨ ᠳᠦ ᠦᠯᠦ ᠬᠦᠷᠦᠭᠰᠡᠳ ᠲᠤ ᠬᠡᠷᠡᠭᠵᠢᠭᠦᠯᠬᠦ ᠵᠤᠷᠪᠤᠰ

19.1 ᠠᠷᠪᠠᠨ ᠨᠠᠢ᠍ᠮᠠᠨ ᠨᠠᠰᠤ ᠬᠥᠷᠦᠭᠡ ᠦᠭᠡᠢ ᠪᠣᠯ ᠨᠠᠰᠤᠨ ᠳᠦ ᠦᠯᠦ ᠬᠦᠷᠦᠭᠰᠡᠳ ᠲᠤ ᠲᠣᠭᠠᠴᠠᠭᠳᠠᠨ᠎ᠠ ᠂ ᠲᠡᠢᠮᠦ ᠡᠴᠡ ᠬᠠᠤᠯᠢ ᠵᠢᠨ ᠬᠠᠷᠠᠭᠠᠯᠵᠠᠭᠴᠢ ᠵᠢᠨ ᠬᠠᠷᠠᠭᠠᠯᠵᠠᠯ ᠪᠠ ᠵᠢᠯᠤᠭᠤᠳᠤᠯᠭ᠎ᠠ ᠪᠡᠷ ᠲᠤᠰ ᠭᠡᠷ᠎ᠡ ᠶᠢ ᠤᠩᠰᠢᠬᠤ ᠪᠠ ᠬᠡᠷᠡᠭᠯᠡᠬᠦ ᠬᠡᠷᠡᠭᠲᠡᠢ ᠃

19.2 ᠨᠠᠰᠤᠨ ᠳᠦ ᠦᠯᠦ ᠬᠦᠷᠦᠭᠰᠡᠨ ᠬᠡᠷᠡᠭᠯᠡᠭᠴᠢ ᠵᠢᠨ ᠨᠡᠢᠭᠡᠮ ᠦᠨ ᠥᠩᠭᠡᠷᠡᠯᠲᠡ ᠳᠤᠲᠠᠮᠠᠭ ᠂ ᠬᠢᠯᠪᠠᠷᠬᠠᠨ ᠢᠶᠡᠷ ᠰᠦᠯᠵᠢᠶᠡᠨ ᠦ ᠬᠡᠢᠰᠪᠦᠷᠢ ᠵᠦᠢᠯ ᠳᠦ ᠲᠦᠬᠡᠷᠢᠭᠳᠡᠵᠤ ᠮᠡᠳᠡᠨ᠎ᠡ ᠂ ᠮᠥᠨ ᠴᠤ ᠰᠣᠨᠢᠭᠤᠴᠢ ᠵᠠᠩ ᠲᠠᠢ ᠂ ᠳᠤᠬᠢᠶᠠᠯᠳᠤᠵᠤ ᠥᠩᠭᠡᠷᠡᠭᠰᠡᠨ ᠬᠡᠷᠡᠭ ᠶᠠᠪᠤᠳᠠᠯ ᠴᠥᠭᠡᠨ ᠂ ᠨᠥᠬᠦᠴᠡᠯ ᠪᠠᠢᠳᠠᠯ ᠳᠦ ᠵᠣᠬᠢᠴᠠᠬᠤ ᠴᠢᠳᠠᠪᠤᠷᠢ ᠳᠣᠣᠷ᠎ᠠ ᠤᠴᠢᠷ ᠡᠴᠡ ᠪᠤᠰᠤᠳ ᠲᠤᠠᠮᠠᠷᠬᠠᠨ ᠢᠶᠡᠷ ᠠᠰᠢᠭᠯᠠᠭᠳᠠᠵᠤ ᠥᠪᠡᠷ  ᠢ ᠪᠡᠨ ᠬᠠᠮᠠᠭᠠᠯᠠᠬᠤ ᠴᠢᠳᠠᠪᠤᠷᠢ ᠪᠡᠷ ᠠᠨᠠᠢ ᠪᠠᠢᠳᠠᠭ ᠃ ᠲᠡᠢᠮᠦ ᠡᠴᠡ ᠨᠠᠰᠤᠨ ᠳᠦ ᠦᠯᠦ ᠬᠦᠷᠦᠭᠰᠡᠨ ᠬᠡᠷᠡᠭᠯᠡᠭᠴᠢ ᠲᠤᠰ ᠬᠡᠯᠡᠯᠴᠡᠭᠡᠷ ᠢ ᠬᠡᠷᠡᠭᠯᠡᠬᠦ ᠦᠶ᠎ᠡ ᠳᠦ ᠡᠷᠬᠡᠪᠰᠢ ᠳᠠᠷᠠᠭᠠᠬᠢ ᠬᠡᠳᠦᠨ ᠵᠦᠢᠯ ᠢ ᠠᠩᠬᠠᠷᠴᠤ ᠠᠶᠤᠯ ᠦᠭᠡᠢ ᠪᠠᠢᠳᠠᠯ ᠦᠨ ᠤᠬᠠᠮᠰᠠᠷ ᠢᠶᠡᠨ ᠳᠡᠭᠡᠭᠰᠢᠯᠡᠭᠦᠯᠵᠦ ᠥᠪᠡᠷ ᠢ ᠪᠡᠨ ᠬᠠᠮᠠᠭᠠᠯᠠᠬᠤ ᠤᠬᠠᠮᠰᠠᠷ ᠢ ᠴᠢᠩᠭᠠᠳᠬᠠᠤ ᠬᠡᠷᠡᠭᠲᠡᠢ ᠃

︵ 1︶ ᠰᠦᠯᠵᠢᠶᠡᠨ ᠦ ᠶᠢᠷᠲᠢᠨᠴᠦ ᠪᠠ ᠪᠣᠳᠠᠲᠤ ᠶᠢᠷᠲᠢᠨᠴᠦ ᠵᠢᠨ ᠢᠯᠭᠠᠭ᠎ᠠ ᠶᠢ ᠲᠣᠳᠤᠷᠬᠠᠢ ᠣᠢᠯᠠᠭᠠᠵᠤ ᠰᠦᠯᠵᠢᠶᠡᠨ ᠳᠦ ᠰᠢᠨᠤᠵᠤ ᠡᠳᠦᠷ ᠲᠤᠲᠤᠮ ᠦᠨ ᠰᠤᠷᠤᠯᠭ᠎ᠠ ᠠᠮᠢᠳᠤᠷᠠᠯ ᠢᠶᠡᠨ ᠨᠥᠯᠦᠭᠡᠯᠡᠬᠦ ᠡᠴᠡ ᠰᠡᠷᠭᠡᠢᠯᠡᠬᠦ ᠬᠡᠷᠡᠭᠲᠡᠢ ᠃

︵ 2︶ ᠬᠤᠪᠢ ᠵᠢᠨ ᠮᠡᠳᠡᠭᠡᠯᠡᠯ ᠢᠶᠡᠨ ᠲᠠᠭᠯᠠᠬᠤ ᠦᠶ᠎ᠡ ᠳᠦ ᠬᠤᠪᠢ ᠵᠢᠨ ᠮᠡᠳᠡᠭᠡᠯᠡᠯ ᠢᠶᠡᠨ ᠬᠠᠮᠠᠭᠠᠯᠠᠬᠤ ᠤᠬᠠᠮᠰᠠᠷ ᠢᠶᠡᠷ ᠴᠢᠩᠭ᠎ᠠ ᠪᠠᠢᠵᠤ ᠂ ᠬᠠᠤᠯᠢ ᠪᠤᠰᠤ ᠡᠲᠡᠭᠡᠳ ᠦᠨ ᠬᠤᠪᠢ ᠬᠥᠮᠦᠨ ᠦ ᠠᠮᠢᠳᠤᠷᠠᠯ  ᠢ ᠬᠠᠷᠰᠢᠯᠠᠬᠤ ᠡᠴᠡ ᠪᠣᠯᠭᠤᠮᠵᠢᠯᠠᠬᠤ ᠬᠡᠷᠡᠭᠲᠡᠢ ᠃

︵ 3 ︶ ᠬᠠᠷᠠᠭᠠᠯᠵᠠᠭᠴᠢ ᠪᠠ ᠪᠠᠭᠰᠢ ᠵᠢᠨ ᠢᠶᠡᠨ ᠵᠢᠯᠤᠭᠤᠳᠤᠯᠭ᠎ᠠ ᠪᠡᠷ ᠰᠦᠯᠵᠢᠶ᠎ᠡ  ᠶᠢ ᠵᠦᠪ ᠢᠶᠡᠷ ᠠᠰᠢᠭᠯᠠᠵᠤ ᠬᠡᠷᠡᠭᠯᠡᠵᠦ ᠰᠤᠷᠬᠤ ᠬᠡᠷᠡᠭᠲᠡᠢ ᠃

︵ 4︶ ᠬᠠᠷᠠᠭᠠᠯᠵᠠᠭᠴᠢ ᠪᠤᠯᠤᠨ ᠰᠤᠷᠭᠠᠭᠤᠯᠢ ᠨᠢ ᠨᠠᠰᠤᠨ ᠳᠦ ᠦᠯᠦ ᠬᠦᠷᠦᠭᠰᠡᠳ ᠲᠤᠰ ᠦᠢᠯᠡᠴᠢᠯᠡᠭᠡ ᠶᠢ ᠬᠡᠷᠡᠭᠯᠡᠬᠦ ᠦᠶ᠎ᠡ ᠳᠦ ᠢᠯᠡᠭᠦᠬᠡᠨ ᠵᠢᠭᠠᠨ ᠵᠢᠯᠤᠭᠤᠳᠬᠤ ᠬᠡᠷᠡᠭᠲᠡᠢ ᠂ ᠣᠨᠴᠠᠭᠠᠢᠯᠠᠨ ᠡᠴᠢᠭᠡ ᠡᠬᠡᠴᠦᠦᠯ ᠦᠷ᠎ᠡ ᠬᠡᠦᠬᠡᠳ ᠦᠨ ᠢᠶᠡᠨ ᠦᠰᠦᠨ ᠪᠣᠢᠵᠢᠯᠲᠠ ᠶᠢ ᠬᠠᠷᠠᠭᠠᠯᠵᠠᠵᠤ ᠦᠷ᠎ᠡ ᠬᠡᠦᠬᠡᠳ ᠲᠠᠢ ᠪᠡᠨ ᠬᠠᠷᠢᠯᠴᠠᠬᠤ ᠪᠡᠨ ᠠᠩᠬᠠᠷᠴᠤ ᠂ ᠦᠷ᠎ᠡ ᠬᠡᠦᠬᠡᠳ ᠢᠶᠡᠨ ᠰᠦᠯᠵᠢᠶᠡᠨ ᠳᠦ ᠬᠣᠯᠪᠤᠭᠳᠠᠬᠤ ᠦᠶ᠎ᠡ ᠳᠦ ᠠᠶᠤᠯ ᠦᠭᠡᠢ ᠪᠠᠢᠳᠠᠯ ᠢ ᠠᠩᠬᠠᠷᠬᠤ ᠬᠡᠷᠡᠭᠲᠡᠢ ᠭᠡᠳᠡᠭ ᠢ ᠵᠢᠭᠠᠨ ᠵᠢᠯᠤᠭᠤᠳᠴᠤ ᠂ ᠬᠡᠷᠡᠭ ᠭᠠᠷᠬᠤ ᠡᠴᠡ ᠬᠢᠴᠢᠶᠡᠨ ᠪᠣᠯᠭᠤᠮᠵᠢᠯᠠᠬᠤ ᠬᠡᠷᠡᠭᠲᠡᠢ ᠃ ᠬᠣᠷᠢ ᠪᠤᠰᠤᠳ ᠵᠦᠢᠯ ᠬᠡᠷᠪᠡ ᠲᠠ ᠲᠤᠰ ᠬᠡᠯᠡᠯᠴᠡᠭᠡᠷ ᠦᠨ ᠪᠤᠶᠤ ᠲᠤᠰ ᠦᠢᠯᠡᠴᠢᠯᠡᠭᠡᠨ ᠦ ᠲᠤᠬᠠᠢ ᠰᠠᠨᠠᠯ ᠵᠥᠪᠯᠡᠯᠭᠡ ᠪᠠᠢᠬᠤ ᠳᠦ ᠬᠦᠷᠪᠡᠯ ᠲᠡᠯᠡᠬᠡᠢ ᠺᠣᠮᠫᠠᠨᠢ ᠦ ᠬᠡᠷᠡᠭᠯᠡᠭᠴᠢ ᠵᠢᠨ ᠦᠢᠯᠡᠴᠢᠯᠡᠭᠡᠨ ᠦ ᠬᠡᠯᠲᠡᠰ ᠲᠠᠢ ᠬᠠᠷᠢᠯᠴᠠᠭᠠᠷᠠᠢ ᠂ ᠪᠢᠳᠡ ᠲᠠᠨ ᠳᠦ ᠲᠤᠰᠠᠯᠠᠮᠵᠢ ᠦᠵᠡᠭᠦᠯᠬᠦ ᠪᠣᠯᠤᠨ᠎ᠠ ᠃ ᠲᠡᠯᠡᠬᠡᠢ ᠺᠣᠮᠫᠠᠨᠢ

ᠲᠦᠷᠦᠯ ᠠᠩᠭᠢᠯᠠᠯ᠄ 未分类.