ᠮᠤᠩᠭ᠋ᠤᠯ ᠦᠰᠦᠭ ᠤᠨ OCR ᠰᠤᠹᠲ ᠠᠰᠢᠭᠯᠠᠯᠲᠠ ᠳ᠋ᠤ ᠤᠷᠥᠪᠠ

ᠲᠤᠰ ᠰᠤᠨᠢᠨ  ᠤ ᠬᠦᠬᠡᠬᠤᠲᠠ ᠶᠢᠨ ᠮᠡᠳᠡᠭᠡ ( ᠳᠠᠳᠤᠯᠭ᠎ᠠ ᠶᠢᠨ ᠰᠤᠷᠪᠤᠯᠵᠢᠯᠠᠭᠴᠢ ᠰᠠᠩᠵᠢᠳ • ᠭᠡᠷᠡᠯᠲᠦ ) ᠦᠪᠦᠷ ᠮᠤᠩᠭ᠋ᠤᠯ  ᠤᠨ ᠠᠨᠠᠭᠠᠬᠤ ᠤᠬᠠᠭᠠᠨ  ᠤ ᠶᠡᠬᠡ ᠰᠤᠷᠭᠠᠭᠤᠯᠢ ᠶᠢᠨ ᠤᠶᠤᠲᠠᠨ ᠵᠧᠤ ᠬᠠᠢ ᠶᠠᠨ᠂ ᠵᠠᠮᠪᠠ ᠬᠤᠶᠠᠭᠤᠯᠠ ᠶᠢᠨ ᠪᠣᠯᠪᠠᠰᠥᠷᠠᠩᠭ᠋ᠤᠢ ᠪᠣᠯᠭᠠᠭᠰᠠᠨ ᠳᠦᠷᠪᠡᠨ ᠵᠦᠢᠯ ᠤᠨ ᠮᠤᠩᠭ᠋ᠤᠯ ᠦᠰᠦᠭ᠌ ᠤᠨ ᠲᠢᠭ᠌ ᠢᠶᠡᠷ ᠬᠤᠪᠢᠷᠭᠠᠬᠤ ᠴᠢᠳᠠᠮᠵᠢ ᠲᠠᠢ ᠮᠤᠩᠭ᠋ᠤᠯ ᠦᠰᠦᠭ᠌ ᠤᠨ OCR ᠰᠤᠹᠲ ᠠᠰᠢᠭᠯᠠᠯᠲᠠ ᠳ᠋ᠤ ᠤᠷᠤᠪᠠ᠃

OCR ᠭᠡᠳᠡᠭ᠌ ᠪᠤᠯ (Optical Character Recognition ᠭᠡᠷᠡᠯ  ᠤᠨ ᠤᠬᠠᠭᠠᠨ  ᠢᠶᠡᠷ ᠦᠰᠦᠭ᠌ ᠲᠡᠮᠲᠡᠭ  ᠢ ᠲᠠᠨᠢᠬᠤ ) ᠰᠢᠷᠪᠢᠭᠦᠷ᠂ ᠭᠡᠷᠡᠯ ᠵᠢᠷᠤᠭ  ᠤᠨ ᠮᠠᠰᠢᠨ ᠵᠡᠷᠭᠡ ᠡᠯᠸᠺᠲ᠋ᠷᠤᠨ ᠲᠦᠭᠦᠭᠡᠷᠥᠮᠵᠢ ᠪᠡᠷ ᠴᠠᠭᠠᠰᠤᠨ ᠳᠡᠭᠡᠷ᠎ᠡ ᠳᠠᠷᠥᠮᠠᠯᠯᠠᠭᠰᠠᠨ ᠦᠰᠦᠭ᠌ ᠲᠡᠮᠲᠡᠭ  ᠢ ᠵᠢᠷᠤᠭ ᠪᠤᠯᠭᠠᠨ ᠺᠣᠮᠫᠢᠦ᠋ᠲ᠋ᠧᠷ ᠲᠦ ᠣᠷᠤᠭᠤᠯᠵᠤ᠂ ᠳᠠᠷᠠᠭ᠎ᠠ ᠨᠢ ᠵᠢᠷᠤᠭ ᠳᠡᠭᠡᠷᠡᠬᠢ ᠦᠰᠦᠭ᠌ ᠲᠡᠮᠲᠡᠭ   ᠢ ᠦᠰᠦᠭ᠌ ᠲᠡᠮᠲᠡᠭ ᠲᠠᠨᠢᠬᠤ ᠰᠣᠹᠲ  ᠢᠶᠡᠷ  ᠺᠣᠮᠫᠢᠦ᠋ᠲ᠋ᠧᠷ ᠳᠡᠭᠡᠷ᠎ᠡ ᠨᠠᠢ᠌ᠷᠠᠭᠤᠯᠵᠤ ᠪᠤᠯᠳᠠᠭ ᠦᠰᠦᠭ᠌ ᠲᠡᠮᠲᠡᠭ ᠪᠤᠯᠭᠠᠨ ᠬᠤᠪᠢᠷᠭᠠᠬᠤ ᠮᠡᠷᠭᠡᠵᠢᠯ  ᠢ ᠵᠢᠭᠠᠵᠤ ᠪᠤᠢ᠃

ᠵᠸᠦ ᠬᠠᠢ ᠶᠠᠨ 2014 ᠤᠨ  ᠤ 4 ᠰᠠᠷ᠎ᠠ ᠳ᠋ᠤ ᠮᠤᠩᠭ᠋ᠤᠯ ᠥᠰᠥᠭ᠌  ᠤᠨ OCR ᠰᠤᠹᠲ  ᠢ ᠰᠤᠳᠤᠯᠤᠨ ᠨᠡᠭᠡᠭᠡᠵᠤ ᠰᠦᠯᠵᠢᠶᠡᠨ ᠳᠡᠭᠡᠷ᠎ᠡ ᠨᠡᠢ᠌ᠲᠡᠯᠡᠭ᠍ᠰᠡᠨ ᠶᠤᠮ᠂ ᠭᠡᠪᠡᠴᠦ ᠳᠡᠷᠡ ᠨᠢ ᠰᠡᠢ᠌ᠨᠪᠢᠯᠢᠭ᠌  ᠤᠨ ᠮᠤᠩᠭ᠋ᠤᠯ ᠦᠰᠦᠭ᠌  ᠤᠨ ᠲᠢᠭ᠌  ᠢᠶᠡᠷ ᠯᠠ ᠬᠤᠪᠢᠷᠭᠠᠬᠤ ᠴᠢᠳᠠᠮᠵᠢ  ᠲᠠᠢ ᠪᠠᠢ᠌ᠯ᠎ᠠ᠃ ᠬᠠᠷᠢᠨ ᠪᠤᠯᠪᠠᠰᠤᠷᠠᠩᠭ᠋ᠤᠢ ᠪᠤᠯᠭᠠᠨᠰᠠᠨ  ᠤ ᠳᠠᠷᠠᠭᠠᠬᠢ ᠮᠤᠩᠭ᠋ᠤᠯ ᠦᠰᠦᠭ᠌  ᠤᠨ OCR ᠰᠤᠹᠲ ᠨᠢ ᠺᠣᠮᠫᠢᠦ᠋ᠲ᠋ᠧᠷ ᠳᠡᠭᠡᠷ᠎ᠡ ᠣᠯᠠᠨ ᠤᠯᠤᠰ  ᠤᠨ  ᠮᠤᠩᠭ᠋ᠤᠯ ᠦᠰᠦᠭ᠌  ᠤᠨ ᠲᠢᠭ᠌ ᠂ ᠰᠡᠢ᠌ᠨᠪᠢᠯᠢᠭ᠌  ᠤᠨ ᠮᠤᠩᠭ᠋ᠤᠯ ᠦᠰᠦᠭ᠌  ᠤᠨ  ᠲᠢᠭ᠌ ᠂ ᠮᠦᠩᠬᠡ ᠭᠠᠯ ᠮᠤᠩᠭ᠋ᠤᠯ ᠦᠰᠦᠭ᠌  ᠤᠨ ᠲᠢᠭ᠌᠂ ᠮᠦᠨ ᠵᠸᠦ ᠬᠠᠢ ᠶᠠᠨ᠂ ᠵᠠᠮᠪᠠ ᠬᠤᠶᠠᠭᠤᠯᠠ  ᠶᠢᠨ ᠦᠪᠡᠷ  ᠢᠶᠡᠨ ᠵᠤᠬᠢᠶᠠᠭᠰᠠᠨ ᠮᠤᠩᠭ᠋ᠤᠯ ᠦᠰᠦᠭ᠌  ᠤᠨ ᠲᠢᠭ᠌  ᠢᠶᠡᠷ ᠬᠤᠪᠢᠷᠭᠠᠬᠤ ᠴᠢᠳᠠᠮᠵᠢ  ᠲᠠᠢ ᠪᠤᠯᠵᠠᠢ᠃

ᠤᠳᠤᠬᠠᠨ ᠳ᠋ᠤ ᠡᠨᠡᠬᠦ ᠰᠣᠹᠲ  ᠢ ᠵᠸᠦ ᠬᠠᠢ ᠶᠠᠨ᠂ ᠵᠠᠮᠪᠠ ᠬᠤᠶᠠᠭᠤᠯᠠ ᠳᠡᠳᠡᠨ  ᠤ ᠰᠤᠳᠤᠯᠤᠨ ᠨᠡᠭᠡᠭᠡᠵᠤ ᠪᠠᠢ᠌ᠭ᠎ᠠ ᠮᠤᠩᠭ᠋ᠤᠯ ᠡᠯᠸᠺᠲ᠋ᠷᠤᠨ  ᠨᠤᠮ᠂ ᠮᠤᠩᠭ᠋ᠤᠯ ᠰᠦᠯᠵᠢᠶ᠎ᠡ  ᠶᠢᠨ ᠨᠡᠪᠲᠡᠷᠬᠡᠢ ᠲᠤᠯᠢ ᠪᠢᠴᠢᠭ᠌  ᠤᠨ ᠠᠵᠢᠯ  ᠳ᠋ᠠᠭᠠᠨ ᠠᠰᠢᠭᠯᠠᠵᠦ᠂ ᠬᠠᠷᠠᠬᠠᠨ ᠨᠡᠢ᠌ᠲᠡᠯᠡᠭᠡᠳᠦᠢ ᠪᠠᠢ᠌ᠭᠰᠠᠭᠠᠷ ᠂ ᠤᠴᠢᠷ ᠨᠢ ᠡᠨᠡᠬᠦ ᠰᠣᠹᠲ  ᠢ ᠠᠰᠢᠭᠯᠠᠳᠠᠭ ᠬᠦᠮᠦᠨ ᠲᠤᠩ ᠴᠦᠬᠡᠨ ᠪᠠᠢ᠌ᠳᠠᠭ ᠭᠡᠨ᠎ᠡ᠃ ᠤᠳᠤ ᠲᠡᠳᠡᠨ  ᠤ ᠮᠤᠩᠭ᠋ᠤᠯ ᠡᠯᠸᠺᠲ᠋ᠷᠤᠨ ᠨᠤᠮ᠂ ᠮᠤᠩᠭ᠋ᠤᠯ   ᠰᠦᠯᠵᠢᠶ᠎ᠡ  ᠶᠢᠨ ᠨᠡᠪᠲᠡᠷᠬᠡᠢ ᠲᠤᠯᠢ ᠪᠢᠴᠢᠭ᠌  ᠤᠨ ᠠᠵᠢᠯ ᠨᠢ ᠠᠭᠤᠯᠭ᠎ᠠ ᠤᠷᠤᠭᠤᠯᠬᠤ ᠱᠠᠲᠤᠨ  ᠳ᠋ᠠᠭᠠᠨ ᠤᠷᠤᠵᠤ ᠂ ᠦᠷᠭᠡᠨ ᠤᠯᠠᠨ ᠮᠤᠩᠭ᠋ᠤᠯᠴᠤᠳ ᠲᠠᠭᠠᠨ ᠡᠬᠡ ᠮᠤᠩᠭ᠋ᠤᠯ ᠬᠡᠯᠡ ᠪᠡᠷ  ᠢᠶᠡᠨ ᠡᠯᠸᠺᠲ᠋ᠷᠤᠨ ᠨᠤᠮ ᠂ ᠰᠦᠯᠵᠢᠶ᠎ᠡ  ᠶᠢᠨ ᠨᠡᠪᠲᠡᠷᠬᠡᠢ ᠲᠤᠯᠢ ᠪᠢᠴᠢᠭ᠌  ᠢ ᠠᠰᠢᠭᠯᠠᠬᠤ ᠪᠤᠯᠤᠮᠵᠢ  ᠶᠢ ᠬᠠᠩᠭ᠋ᠠᠬᠤ  ᠪᠡᠷ ᠴᠢᠷᠮᠠᠢ᠌ᠵᠤ ᠪᠠᠢ᠌ᠨ᠎ᠠ᠃

ᠦᠪᠦᠷ ᠮᠤᠩᠭ᠋ᠤᠯ  ᠤᠨ ᠡᠳᠦᠷ  ᠤᠨ ᠰᠤᠨᠢᠨ  ᠡᠴᠡ ᠪᠠᠭᠤᠯᠭᠠᠪᠠ᠃

ᠲᠦᠷᠦᠯ ᠠᠩᠭᠢᠯᠠᠯ᠄ ᠰᠢᠨ᠎ᠡ ᠬᠦᠳᠡᠯᠦᠯ.