ᠮᠣᠩᠭ᠋ᠣᠯ ᠤᠯᠤᠰ ᠪᠣᠰᠣᠭ᠎ᠠ ᠮᠣᠩᠭ᠋ᠣᠯ ᠪᠢᠴᠢᠭ᠌ ᠢᠶᠡᠨ ᠬᠡᠷᠡᠭᠯᠡᠭᠦ ᠪᠠᠷ ᠬᠠᠤᠯᠢ ᠪᠠᠷ ᠪᠠᠲᠥᠯᠠᠪᠠ

ᠤᠯᠤᠰ ᠤᠨ ᠶᠡᠬᠡ ᠬᠤᠷᠠᠯ ᠤᠨ ᠨᠠᠮᠤᠷ ᠤᠨ ᠴᠢᠭᠤᠯᠭᠠᠨ ᠵᠠᠪᠰᠠᠷᠯᠠᠬᠤ ᠶᠢᠨ ᠡᠮᠦᠨᠡᠬᠡᠨ᠂ ᠮᠤᠨᠭᠭᠤᠯ ᠬᠡᠯᠡᠨ ᠤ᠋ ᠲᠤᠬᠠᠢ ᠬᠠᠤᠯᠢ ᠶᠢ ᠠᠨᠭᠬ ᠠ ᠤᠳᠠᠭ᠋ ᠠ ᠪᠠᠲᠤᠯᠠᠯ ᠠ᠃ 2015 ᠤᠨ ᠋ᠤ᠋ 7 ᠳᠤᠭᠠᠷ
ᠰᠠᠷ ᠠ ᠶᠢᠨ 1 ᠡᠴᠡ ᠬᠡᠷᠡᠭᠵᠢᠭᠦᠯᠵᠦ ᠡᠬᠢᠯᠡᠬᠦ᠂ ᠨᠠᠢᠮᠠᠨ ᠪᠦᠯᠦᠭ ᠬᠤᠷᠢᠨ ᠳᠦᠷᠪᠡᠨ ᠵᠦᠢᠯ ᠲᠠᠢ ᠡᠨᠡ ᠬᠠᠥᠯᠢ ᠳᠤ᠂ ᠣᠯᠠᠨ ᠨᠡᠢ᠋ᠲᠡ ᠶᠢᠨ ᠮᠡᠳᠡᠬᠦ ᠱᠠᠭᠠᠷᠳᠠᠯ᠋ᠭ᠋ ᠋ᠡ᠋ ᠲᠠᠢ ᠶᠠᠮᠠᠷ ᠵᠢᠭᠠᠯᠲᠠ ᠨᠤᠭᠤᠳ ᠳᠤᠰᠭᠠᠭᠰᠠᠨ ᠪᠤᠢ ?

ᠨᠢᠭᠡᠳᠦᠭᠡᠷ ᠳᠤ᠂ ᠬᠡᠦᠬᠡᠳ ᠢ ᠨᠢᠭᠡᠳᠦᠭᠡᠷ ᠠᠩᠭᠢ ᠳᠤ ᠣᠷᠤᠭᠰᠠᠨ ᠴᠠᠭ ᠡᠴᠡ ᠨᠢ ᠡᠬᠢᠯᠡᠨ ᠮᠤᠨᠭᠭᠤᠯ ᠬᠡᠯᠡ ᠤᠷᠠᠨ ᠵᠣᠬᠢᠶᠠᠯ ᠤᠨ ᠬᠢᠴᠢᠶᠠᠯ ᠢ ᠪᠠᠲᠤᠯᠠᠭᠳᠠᠭᠰᠠᠨ ᠠᠭᠤᠯ᠋ᠭ᠋ ᠋ᠡ᠋ ᠪᠡᠷ ᠲᠠᠰᠤᠷᠠᠯᠲᠠ ᠦᠭᠡᠢ ᠵᠢᠭᠠᠳᠠᠭ ᠪᠠᠢ᠋ᠬᠤ᠃ ᠡᠭᠦᠨ ᠳᠤᠳᠤᠷ᠋ ᠋ᠡ᠋ ᠪᠠᠨ᠂ ᠢᠯᠠᠨᠭᠭᠤᠢ᠋ ᠋ᠡ᠋ ᠭᠠᠳᠠᠭᠠᠳᠤ ᠬᠡᠯᠡᠨ ᠋᠋ᠤ᠋ ᠰᠤᠷᠭᠠᠯᠲᠠ ᠳᠠᠢ ᠬᠤᠪᠢ ᠶᠢᠨ ᠪᠤᠯᠤᠨ ᠤᠯᠠᠨ ᠤᠯᠤᠰ ᠤᠨ ᠰᠤᠷᠠᠭᠠᠭᠤᠯᠢ ᠨᠤᠭᠤᠳ ᠳᠥ᠂ ᠮᠤᠨᠭᠭᠤᠯ ᠬᠡᠯᠡᠨ ᠤ ᠬᠢᠴᠢᠶᠡᠯ ᠢ ᠨᠢᠭᠡᠳᠦᠭᠡᠷ ᠠᠩᠭᠢ  ᠡᠴᠡ ᠨᠢ ᠡᠬᠢᠯᠡᠨ ᠲᠡᠭᠦᠰᠲᠡᠯ᠋ ᠡ᠋ ᠵᠢᠭᠠᠵᠦ ᠪᠠᠢᠬᠤ  ᠶᠢ ᠬᠠᠥᠯᠢᠴᠢᠯᠠᠵᠠᠢ᠃ ᠣᠷᠴᠢᠨ ᠴᠠᠭ ᠳᠦ ᠭᠠᠳᠠᠭᠠᠳᠤ ᠬᠡᠯᠡ  ᠶᠢ ᠬᠡᠲᠦ ᠰᠢᠲᠦᠬᠦ ᠪᠤᠯᠤᠭᠰᠠᠨ ᠢᠶᠡᠷ᠂ ᠬᠡᠤᠬᠡᠳ ᠢᠶᠡᠨ ᠮᠤᠨᠭᠭᠤᠯ ᠬᠡᠯᠡᠨ ᠡᠴᠡ ᠢᠯᠡᠭᠦᠤ ᠭᠠᠳᠠᠭᠠᠳᠤ ᠬᠡᠯᠡ ᠰᠤᠷᠭᠠᠬᠤ ᠶᠢ ᠴᠢᠬᠤᠯᠠᠴᠢᠯᠠᠬᠤ ᠪᠤᠯᠤᠭᠰᠠᠨ ᠦᠨᠦᠳᠦᠷ ᠳᠦᠯᠦᠪᠦᠷᠢ ᠳᠠᠢ ᠬᠤᠪᠢ ᠶᠢᠨ ᠰᠤᠷᠭᠠᠭᠤᠯᠢ ᠳᠤ᠂ ᠳᠠᠪᠤᠳᠤᠭᠠᠷ ᠠᠩᠭᠢ ᠡᠴᠡ ᠡᠬᠢᠯᠡᠨ ᠮᠤᠨᠭᠭᠤᠯ ᠬᠡᠯᠡ ᠵᠢᠭᠠᠬᠤ ᠴᠠᠭ ᠢᠶᠡᠨ ᠪᠠᠭᠠᠰᠭᠠᠵᠤ᠂ ᠭᠠᠳᠠᠭᠠᠳᠤ ᠬᠡᠯᠡᠨ ᠤ ᠴᠠᠭ ᠢ ᠨᠡᠮᠡᠵᠦ ᠪᠠᠢ᠋ᠬᠤ ᠨᠢ ᠡᠬᠡ ᠬᠡᠯᠡᠨ ᠤ ᠲᠠᠷᠬᠠᠯᠠ᠋ᠭ᠋᠋ ᠋ᠡ᠋ ᠶᠢ ᠪᠠᠭᠤᠷᠠᠭᠤᠯᠬᠤ ᠰᠦᠷᠬᠦ ᠦᠷ ᠡ᠋ ᠳᠠᠭᠠᠪᠦᠷᠢ ᠳᠠᠢ᠃ ᠮᠦᠨ ᠮᠤᠨᠭᠭᠤᠯ ᠬᠡᠯᠡ ᠪᠠᠨ ᠰᠠᠢ᠋ᠨ ᠰᠤᠷᠤᠭ᠋᠋ ᠋ᠡ᠋ ᠦᠭᠡᠢ ᠡᠴᠡ᠂ ᠢᠷᠡᠭᠡᠳᠦᠢ ᠳᠤ ᠲᠦᠷᠦ  ᠶᠢᠨ ᠠᠯᠪᠠᠨ ᠳᠤ ᠪᠤᠯᠤᠨ ᠰᠢᠯᠭᠠᠭᠤᠷᠢ ᠦᠨᠳᠦᠷ ᠬᠤᠪᠢ ᠶᠢᠨ ᠺᠤᠮᠫᠠᠨᠢ ᠳᠤ ᠴᠤ ᠠᠵᠢᠯᠯᠠᠵᠤ ᠴᠢᠳᠠᠬᠤ ᠦᠭᠡᠢ ᠪᠤᠯᠵᠠᠢ᠃ ᠪᠤᠳᠠᠳᠤ ᠨᠦᠬᠦᠴᠡᠯ ᠪᠠᠢ᠋ᠳᠠᠯ ᠨᠢᠭᠤᠷᠯᠠᠭᠰᠠᠨ ᠤᠴᠢᠷ᠂ ᠮᠤᠨᠭᠭᠤᠯ ᠬᠡᠯᠡᠨ ᠤ ᠬᠢᠴᠢᠶᠡᠯ ᠢ ᠳᠤᠮᠳᠠᠳᠤ ᠰᠤᠷᠭᠠᠭᠤᠯᠢ ᠳᠤ ᠣᠷᠤᠬᠤ ᠡᠴᠡ ᠡᠬᠢᠯᠡᠨ᠂ ᠲᠡᠭᠦᠰᠲᠡᠯ ᠋ᠡ᠋ ᠵᠠᠪᠠᠯ ᠦᠵᠡᠨ᠋ ᠋ᠡ᠋ ᠭᠡᠵᠦ ᠬᠠᠤᠯᠢ ᠳᠤᠭᠲᠠᠭᠠᠭᠰᠠ ᠪᠠᠢ᠋ᠨ᠎ᠠ᠃

ᠬᠤᠶᠠᠳᠤᠭᠠᠷ ᠳᠦ᠂ ᠳᠤᠳᠤᠭᠠᠳᠤ  ᠶᠢᠨ ᠶᠡᠬᠡ ᠳᠡᠭᠡᠳᠦ ᠰᠤᠷᠭᠠᠭᠤᠯᠢ ᠳᠤ ᠡᠯᠰᠡᠬᠦ ᠳᠤ ᠶᠠᠮᠠᠷ ᠮᠡᠷᠭᠡᠵᠢᠯ ᠢ ᠦᠯᠦ ᠬᠠᠮᠢᠶᠠᠷᠥᠨ᠂ ᠮᠤᠨᠭᠭᠤᠯ ᠬᠡᠯᠡᠨ ᠤ ᠰᠠᠭᠤᠷᠢ ᠰᠢᠯᠭᠠᠯᠲᠠ ᠠᠪᠳᠠᠭ ᠪᠤᠯᠤᠨ᠋ ᠋ᠡ᠋᠃ ᠡᠨᠡ ᠨᠢ ᠵᠠᠯᠠᠭᠤᠴᠤᠳ ᠤᠨ ᠡᠬᠡ ᠬᠡᠯᠡᠨ ᠤ ᠪᠤᠯᠪᠠᠰᠤᠷᠠᠯ  ᠢ ᠳᠡᠭᠡᠭ᠍ᠰᠢᠯᠡᠭᠦᠯᠬᠦ ᠳᠤ ᠴᠢᠬᠤᠯᠠ ᠨᠦᠯᠦᠭᠡ ᠳᠠᠢ ᠭᠡᠵᠦ ᠦᠵᠡᠵᠡᠢ᠃ ᠬᠠᠤᠯᠢ 2015ᠤᠨ ᠤ 7 ᠳᠤᠭᠠᠷ ᠰᠠᠷ ᠋ᠡ᠋ ᠶᠢᠨ 1 ᠡᠴᠡ ᠡᠬᠢᠯᠡᠨ ᠬᠡᠷᠡᠭᠵᠢᠭᠦᠯᠬᠦ ᠤᠴᠢᠷ ᠂ 2016 ᠤᠨ ᠳᠤ ᠳᠡᠭᠦᠰᠬᠦ ᠰᠤᠷᠤᠭᠴᠢᠳ ᠮᠤᠨᠭᠭᠤᠯ ᠬᠡᠯᠡᠨ ᠤ ᠰᠢᠯᠭᠠᠯᠲᠠ ᠦᠭᠴᠦ ᠡᠬᠢᠯᠡᠬᠦ ᠶᠤᠮ᠃

ᠭᠤᠷᠪᠠᠳᠤᠭᠠᠷ ᠳᠤ᠂ ᠮᠤᠨᠭᠭᠤᠯ ᠬᠡᠯᠡᠨ ᠤ ᠬᠡᠷᠡᠭᠯᠡᠭᠡ ᠶᠢ ᠰᠠᠢ᠋ᠵᠢᠷᠠᠭᠤᠯᠬᠤ᠃ ᠭᠤᠲᠤᠮᠵᠢ ᠲᠠᠯᠠᠪᠠᠢ ᠳᠡᠬᠢ ᠬᠠᠶᠢᠭ ᠨᠤᠭᠤᠳ ᠢ ᠮᠤᠨᠭᠭᠤᠯ ᠬᠡᠯᠡ ᠪᠡᠷ ᠪᠢᠴᠢᠭᠰᠡᠨ ᠪᠠᠢᠬᠤ᠃

ᠳᠦᠷᠪᠡᠳᠦᠭᠡᠷ ᠳᠦ᠂ ᠲᠦᠷᠦ ᠶᠢᠨ ᠠᠯᠪᠠ ᠬᠠᠭᠠᠭᠴᠢᠳ ᠢ ᠠᠵᠢᠯ ᠳᠤ ᠠᠪᠬᠤ ᠳᠠᠭᠠᠨ ᠮᠤᠨᠭᠭᠤᠯ ᠬᠡᠯᠡᠨ ᠤ ᠰᠢᠯᠭᠠᠯᠲᠠ ᠠᠪᠤᠨ᠋ ᠋ᠡ᠋᠃ ᠤᠯᠤᠰ ᠤᠨ ᠶᠡᠬᠡ ᠬᠤᠷᠠᠯ ᠡᠴᠡ ᠬᠤᠶᠠᠷ ᠵᠢᠯ ᠤᠨ ᠡᠮᠦᠨ᠎ᠠ ᠡᠢ᠋ᠮᠦ ᠳᠤᠭᠲᠠᠭᠠᠯ ᠭᠠᠷᠤᠭᠰᠠᠨ ᠢ ᠬᠠᠤᠯᠢᠴᠢᠯᠠᠯ ᠋ᠡ᠋᠃ ᠲᠦᠷᠦ ᠶᠢᠨ ᠠᠯᠪᠠᠨ ᠳᠤ ᠡᠯᠰᠡᠬᠦ ᠬᠦᠮᠦᠰ ᠰᠢᠯᠭᠠᠯᠲᠠ ᠶᠢᠨ ᠢᠶᠠᠨ ᠳᠦᠷᠪᠡᠨ ᠤ ᠨᠢᠭᠡ ᠶᠢ ᠮᠤᠨᠭᠭᠤᠯ ᠪᠢᠴᠢᠭ᠌ ᠢᠶᠡᠷ ᠦᠭ᠍ᠬᠦ ᠶᠤᠮ᠃

ᠳᠠᠪᠤᠳᠤᠭᠠᠷ ᠳᠦ᠂ ᠲᠦᠷᠦ ᠶᠢᠨ ᠬᠡᠯᠡᠨ ᠤ ᠵᠦᠪᠯᠡᠯ ᠬᠡᠯᠨᠨ ᠤ ᠪᠤᠳᠤᠯᠭ᠋ ᠋ᠡ᠋ ᠶᠢᠨ ᠦᠨᠳᠦᠰᠦᠨ ᠵᠦᠪᠯᠡᠯ ᠪᠤᠯᠵᠤ᠂ ᠪᠠᠢ᠋ᠷᠢ ᠰᠠᠭᠤᠷᠢ ᠨᠢ ᠳᠡᠭᠡᠭᠰᠢᠯᠡᠨ ᠰᠢᠨ᠎ᠠ ᠪᠡᠷ ᠵᠤᠬᠢᠶᠠᠨ ᠪᠠᠢᠭᠤᠯᠤᠭᠳᠠᠨ᠋ ᠋ᠡ᠋᠃ ᠳᠦᠷᠦ ᠶᠢᠨ ᠬᠡᠯᠡᠨ ᠤ ᠵᠦᠪᠯᠡᠯ ᠤᠨ ᠬᠢᠨ ᠬᠡᠪᠯᠡᠯ ᠮᠡᠳᠡᠭᠡᠯᠡᠯ ᠤᠨ ᠪᠠᠢᠭᠤᠯᠤᠯᠭ᠋ ᠋ᠡ᠋ ᠶᠢᠨ ᠬᠡᠯᠡ
ᠨᠠᠢᠷᠠᠭᠤᠯᠭ᠋ ᠋ᠡ᠋ ᠳᠤ ᠠᠵᠢᠭᠯᠯᠲᠠ ᠬᠢᠬᠦ ᠶᠢᠨ ᠵᠡᠷᠭᠡᠴᠡᠭᠡ᠂ ᠵᠦᠪᠯᠡᠯ ᠡᠴᠡ ᠱᠠᠭᠠᠷᠳᠠᠯᠭ᠋ ᠋ᠡ᠋ ᠬᠦᠷᠭᠡᠭᠦᠯᠵᠦ ᠵᠦᠪᠯᠡᠯᠭᠡ ᠦᠭ᠍ᠬᠦ ᠪᠤᠯᠤᠨ᠎ᠠ᠃

ᠵᠢᠷᠭᠤᠳᠤᠭᠠᠷ ᠳᠤ᠂ ᠮᠤᠨᠭᠭᠤᠯ ᠤᠯᠤᠰ ᠤᠨ ᠢᠷᠭᠡᠨ ᠤ ᠦᠨᠡᠮᠯᠡᠯ᠂ ᠲᠦᠷᠦᠭᠰᠡᠨ ᠦᠨᠡᠮᠯᠡᠯ ᠪᠤᠯᠤᠨ ᠭᠡᠷᠯᠯᠡᠯᠲᠡ ᠶᠢᠨ ᠦᠨᠡᠮᠯᠡᠯ᠂ ᠪᠤᠯᠪᠠᠰᠤᠷᠠᠯ ᠤᠨ ᠪᠠᠷᠢᠮᠲᠠ ᠪᠢᠴᠢᠭ᠌ ᠲᠦ ᠺᠢᠷᠢᠯ ᠪᠤᠯᠤᠨ ᠪᠤᠰᠤᠭ᠋᠋ ᠋ᠡ᠋ ᠮᠤᠨᠭᠭᠤᠯ ᠦᠰᠦᠭ  ᠶᠢ ᠲᠠᠪᠠᠬᠤᠷ ᠬᠡᠷᠡᠭᠯᠡᠨ᠋᠋᠋ ᠋ᠡ᠋᠃

ᠳᠤᠯᠤᠳᠤᠭᠠᠷ ᠲᠦ᠂ ᠮᠤᠨᠭᠭᠤᠯ ᠤᠯᠤᠰ ᠤᠨ ᠬᠡᠪᠴᠢᠶᠡᠨ ᠳᠤ ᠺᠢᠷᠢᠯ ᠪᠤᠯᠤᠨ ᠦᠨᠳᠦᠰᠦᠨ ᠤ ᠋ᠪᠢᠴᠢᠭ᠌ ᠤᠨ ᠵᠦᠪ ᠪᠢᠴᠢᠬᠦ᠂ ᠲᠤᠰ ᠲᠤᠰ ᠤᠨ ᠨᠢᠭᠡᠲᠦᠮᠡᠯ ᠳᠦᠷᠢᠮ ᠲᠠᠢ ᠪᠠᠢᠬᠤ ᠪᠦᠭᠡᠳ ᠢᠷᠭᠡᠨ᠂ ᠬᠠᠥᠯᠢ ᠶᠢᠨ ᠡᠲᠡᠭᠡᠳ ᠤᠭ ᠳᠦᠷᠢᠮ ᠢ ᠳᠠᠭᠠᠵᠦ ᠮᠦᠷᠳᠡᠨ᠌ ᠠ᠃

ᠨᠠᠢᠮᠠᠳᠥᠭᠠᠷ ᠲᠦ᠂ ᠮᠤᠨᠭᠭᠤᠯ ᠤᠯᠤᠰ ᠤᠨ ᠶᠡᠷᠦᠨᠭᠬᠡᠢᠯᠡᠭᠴᠢ ᠶᠢᠨ ᠳᠡᠷᠭᠡᠲᠡ ᠂ ᠬᠡᠯᠡᠨ ᠤ ᠪᠤᠳᠤᠯᠭ᠋᠋ ᠋ᠡ᠋ ᠶᠢᠨ ᠵᠦᠪᠯᠡᠯ ᠠᠵᠢᠯᠯᠯᠠᠨ᠋᠋ ᠋ᠡ᠋᠃ ᠵᠦᠪᠯᠡᠯ ᠶᠢᠰᠦᠨ ᠭᠡᠰᠢᠭᠦᠨ ᠳᠠᠢ ᠪᠠᠢ᠋ᠬᠤ ᠪᠦᠭᠡᠳ ᠭᠡᠰᠢᠭᠦᠳ ᠢ ᠶᠡᠷᠦᠨᠭ᠍ᠬᠡᠢᠢᠯᠡᠭ᠍ᠴᠢ ᠮᠤᠨᠭᠭᠤᠯ ᠬᠡᠯᠡ ᠤᠳᠭ ᠋ᠡ᠋ ᠵᠤᠬᠢᠶᠠᠯ ᠤᠨ ᠡᠷᠲᠡᠮᠲᠡᠳ᠂ ᠬᠡᠪᠯᠡᠯ ᠮᠡᠳᠡᠭᠡᠯᠡᠯ᠂ ᠪᠤᠯᠪᠠᠰᠤᠷᠠᠯ᠂ ᠰᠣᠶᠣᠯ᠂ ᠰᠢᠨᠵᠢᠯᠡᠬᠦ ᠤᠬᠠᠭᠠᠨ ᠤ ᠰᠠᠯᠪᠤᠷᠢ ᠶᠢᠨ ᠮᠡᠷᠭᠡᠵᠢᠯ ᠤᠨ ᠲᠦᠯᠦᠭᠡᠯᠡᠯ ᠡᠴᠡ ᠰᠤᠨᠭᠭᠤᠵᠤ᠂ ᠵᠢᠷᠭᠤᠭᠠᠨ ᠵᠢᠯ ᠤᠨ ᠬᠤᠭᠤᠴᠠᠭ᠋ ᠋ᠡ᠋ ᠲᠠᠢ ᠲᠤᠮᠢᠯᠠᠨ᠎ᠠ᠃

ᠶᠢᠰᠦᠳᠦᠭᠡᠷ ᠲᠤ᠂ ᠰᠢᠨᠵᠢᠯᠡᠬᠦ ᠤᠬᠠᠭᠠᠨ ᠤ ᠠᠺᠡᠳᠧᠮᠢ ᠶᠢᠨ ᠪᠦᠲᠦᠴᠡ ᠳᠤ᠂ ᠮᠤᠨᠭᠭᠤᠯ ᠬᠡᠯᠡ ᠲᠡᠭᠦᠨ ᠤ ᠬᠡᠷᠡᠭᠯᠡᠭᠡ᠂ ᠬᠦᠭ᠍ᠵᠢᠯ ᠢ ᠰᠤᠳᠤᠯᠠᠬᠤ᠂ ᠮᠤᠨᠭᠭᠤᠯ ᠬᠡᠯᠡᠨ ᠤ ᠬᠡᠮ ᠬᠡᠮᠵᠢᠶ ᠋ᠡ᠋᠂ ᠦᠭᠡᠰ ᠤᠨ ᠰᠠᠩ ᠤᠨ ᠦᠭᠡᠷᠡᠴᠢᠯᠡᠯᠲᠡ ᠲᠠᠢ ᠬᠤᠯᠪᠤᠭ᠋ ᠋ᠡ᠋ ᠲᠠᠢ ᠰᠠᠨᠠᠯ ᠳ᠋ᠦᠩᠨᠡᠯᠲᠠ ᠪᠤᠯᠪᠠᠰᠤᠷᠠᠭᠤᠯᠬᠤ ᠡᠭᠦᠷᠭᠡ ᠪᠦᠬᠦᠢ᠂ ᠮᠤᠨᠭᠭᠤᠯ ᠬᠡᠯᠡ ᠰᠢᠨᠵᠢᠯᠡᠯ ᠤᠨ ᠬᠦᠷᠢᠶᠡᠯᠡᠩ ᠠᠵᠢᠯᠯᠠᠨ᠋ ᠋ᠡ᠋᠃
ᠲᠤᠰ ᠬᠦᠷᠢᠶᠡᠯᠡᠩ᠂ ᠬᠤᠯᠪᠥᠭᠳᠠᠬᠤ ᠮᠡᠷᠭᠡᠵᠢᠯ ᠤᠨ ᠪᠠᠢᠭᠤᠯᠤᠯᠭ᠋ ᠋ᠡ᠋ ᠶᠢᠨ ᠲᠤᠰᠠᠯᠠᠯᠴᠠᠭ᠋ ᠋ᠡ᠋ ᠲᠠᠢ ᠪᠠᠷ ᠭᠠᠳᠠᠭᠠᠳᠤ ᠨᠡᠷ ᠋ᠡ᠋ ᠲᠤᠮᠢᠶ᠋ ᠋ᠡ᠋ ᠶᠢ ᠮᠤᠨᠭᠭᠤᠯ ᠬᠡᠯᠡᠨ ᠳᠦ ᠤᠷᠴᠢᠭᠤᠯᠬᠤ ᠠᠵᠢᠯ ᠢ ᠬᠠᠷᠢᠭᠤᠴᠠᠨ᠎ᠠ᠃

ᠠᠷᠪᠠᠳᠤᠭᠠᠷ ᠲᠦ᠂ ᠭᠠᠵᠠᠷ ᠨᠤᠲᠤᠭ ᠤᠨ ᠤᠨᠤᠭᠠᠭᠰᠠᠨ ᠨᠡᠷ ᠋ᠡ᠋ ᠶᠢ ᠲᠤᠯᠢ ᠪᠢᠴᠢᠭ᠌ ᠲᠦ ᠤᠷᠣᠭᠣᠯᠬᠤ᠂ ᠵᠢᠭᠳᠡᠯᠡᠬᠦ᠂ ᠤᠯᠠᠨ ᠤᠯᠤᠰ ᠤᠨ ᠭᠠᠵᠠᠷ ᠵᠦᠢ ᠶᠢᠨ ᠨᠡᠷ ᠋ᠡ᠋ ᠶᠢᠨ ᠲᠣᠯᠢ ᠳᠤ ᠪᠦᠷᠢᠳᠭᠡᠭᠦᠯᠬᠦ ᠲᠠᠯ᠋ ᠋ᠡ᠋ ᠪᠡᠷ ᠬᠡᠯᠡᠨ ᠤ ᠪᠤᠳᠤᠯᠭ᠋ ᠋ᠡ᠋ ᠶᠢᠨ ᠵᠦᠪᠯᠡᠯᠯ ᠰᠠᠨᠠᠯ ᠭᠠᠷᠭᠠᠨ᠌ ᠠ᠃

ᠠᠷᠪᠠᠨ ᠨᠢᠭᠡᠳᠦᠭᠡᠷ ᠲᠦ᠂ ᠦᠨᠳᠦᠰᠦᠨ ᠤ ᠪᠢᠴᠢᠭ᠌ ᠤᠨ ᠬᠦᠲᠦᠯᠪᠦᠷᠢ ᠶᠢ ᠦᠶ ᠠ ᠱᠠᠲᠤ ᠲᠠᠢ ᠪᠡᠷ ᠬᠡᠷᠡᠭᠵᠢᠭᠦᠯᠵᠦ᠂ ᠵᠤᠬᠢᠬᠤ ᠪᠡᠯᠡᠳᠭᠡᠯ ᠬᠠᠨᠭ᠍ᠠᠭᠠᠭᠰᠠᠨ ᠤ ᠳᠠᠷᠠᠭ᠋ ᠠ᠂ ᠲᠦᠷᠦ ᠶᠢᠨ ᠪᠤᠯᠤᠨ ᠤᠷᠤᠨ ᠨᠤᠲᠤᠭ ᠤᠨ ᠦᠪᠡᠷ ᠢᠶᠠᠨ ᠤᠳᠤᠷᠢᠳᠬᠤ ᠪᠠᠢᠭᠤᠯᠤᠯᠭ᠋ ᠠ᠂ ᠠᠯᠪᠠᠨ ᠬᠡᠷᠡᠭ ᠢᠶᠠᠨ ᠺᠢᠷᠢᠯ ᠪᠤᠯᠤᠨ ᠦᠨᠳᠦᠰᠦᠨ ᠤ ᠬᠤᠤᠰ ᠪᠢᠴᠢᠭ᠌ ᠢᠶᠡᠷ ᠬᠦᠲᠦᠯᠦᠨ ᠶᠠᠪᠥᠭᠤᠯᠤᠨ᠎ᠠ᠃ ᠲᠤᠰ ᠬᠠᠤᠯᠢ ᠶᠢᠨ ᠡᠨᠡ ᠵᠢᠭᠠᠯᠲᠠ ᠶᠢ 2025 ᠤᠨ ᠤ 1 ᠳᠦᠭᠡᠷ ᠰᠠᠷ ᠠ ᠶᠢᠨ 1 ᠤ ᠡᠳᠦᠷ ᠡᠴᠡ ᠡᠬᠢᠯᠡᠨ ᠳᠠᠭᠠᠵᠦ ᠮᠦᠷᠳᠡᠬᠦ ᠶᠤᠮ᠃ ᠲᠦᠷᠦ ᠶᠢᠨ ᠪᠠᠢᠭᠤᠯᠤᠯᠭ᠋ ᠠ ᠨᠤᠭᠤᠳ ᠺᠢᠷᠢᠯ᠂ ᠮᠤᠨᠭᠭᠤᠯ ᠪᠢᠴᠢᠭ᠌ ᠢ ᠬᠤᠤᠰᠯᠠᠨ ᠬᠡᠷᠡᠭᠯᠡᠨ᠎ᠠ ᠭᠡᠰᠡᠨ ᠡᠨᠡ ᠵᠢᠭᠠᠯᠲᠠ ᠶᠢ ᠪᠤᠷᠣᠭᠣᠰᠢᠶᠠᠬᠤ ᠬᠦᠮᠦᠨ ᠪᠠᠰᠠ ᠨᠠᠢ᠋ᠲᠠ ᠶᠢᠨ ᠳᠤᠮᠳᠠ ᠴᠦᠬᠡᠨ ᠦᠭᠡᠢ ᠪᠠᠢ᠌ᠨ᠎ᠠ᠃ ᠮᠤᠨᠭᠭᠤᠯ ᠪᠢᠴᠢᠭ᠌ ᠮᠡᠳᠡᠬᠦ ᠦᠭᠡᠢ ᠬᠦᠮᠦᠨ ᠠᠷᠪᠠᠨ ᠵᠢᠯ ᠤᠨ ᠳᠠᠷᠠᠭ᠋ ᠠ ᠲᠦᠷᠦ ᠶᠢᠨ ᠠᠯᠪᠠᠨ ᠳᠤ ᠠᠵᠢᠯᠯᠠᠬᠤ ᠱᠠᠭᠠᠷᠳᠠᠯᠭ᠋ ᠠ ᠬᠠᠨᠭᠭᠠᠬᠤ ᠦᠭᠡᠢ ᠪᠤᠯᠬᠤ ᠨᠢ᠃

ᠺᠢᠷᠢᠯ ᠰᠦᠯᠵᠢᠶ ᠠ ᠡᠴᠡ ᠬᠦᠷᠪᠡᠭᠦᠯᠪᠡ᠃

ᠲᠦᠷᠦᠯ ᠠᠩᠭᠢᠯᠠᠯ᠄ ᠰᠢᠨ᠎ᠡ ᠬᠦᠳᠡᠯᠦᠯ.