《ᠲᠦᠮᠡᠨᠳᠡᠯᠭᠡᠷ  ᠦᠨ ᠦᠵᠦᠭ ᠦᠨ ᠲᠢᠭ᠌》  ᠢ ᠤᠷᠠᠯᠠᠨ ᠵᠣᠬᠢᠶᠠᠭᠴᠢ—- ᠲᠥᠮᠡᠨᠳᠡᠯᠭᠡᠷ ᠭᠤᠸᠠᠢ ᠦᠰᠦᠭ ᠦᠨ ᠲᠢᠭ᠌ ᠲᠠᠢ ᠴᠣᠬᠤᠮ ᠶᠠᠮᠠᠷᠬᠠᠨ ᠰᠢᠤ ᠬᠤᠪᠢ ᠪᠠᠷᠢᠯᠳᠤᠯᠭ᠎ᠠ ᠪᠣᠯᠬᠤ ᠵᠢ ᠲᠥᠬᠦᠮ ᠣᠢᠯᠠᠭᠠᠬᠤ ᠪᠠᠷ ᠰᠤᠷᠪᠤᠯᠵᠢᠯᠠᠭ᠎ᠠ ᠪᠣᠯᠤᠯ᠎ᠠ᠄

ᠣᠷᠴᠢᠨ ᠤᠯᠠᠷᠢᠬᠤ ᠣᠨ ᠵᠢᠯ ᠤᠳ ᠲᠤ

ᠣᠶᠤᠨ  ᠢᠶᠡᠷ  ᠢᠶᠡᠨ ᠪᠤᠰᠤᠳ ᠢ ᠬᠡᠢᠬᠦᠯᠳᠡᠭ

ᠣᠭᠲᠠᠷᠭᠤᠢ ᠶᠢᠨ ᠴᠡᠭᠡᠯ ᠳᠤ ᠭᠢᠯᠠᠯᠵᠠᠨ ᠬᠡᠷᠡᠯᠳᠤᠬᠦ

ᠣᠴᠢ ᠲᠠᠢ᠂ ᠴᠣᠭ ᠲᠠᠢ  ᠨᠢ ᠲᠠ ᠪᠢᠯᠡ ᠭᠡᠮᠡᠷ

ᠬᠤᠨᠤᠳ  ᠴ᠊᠊ ·  ᠲᠥᠮᠡᠨᠳᠡᠯᠭᠡᠷ ᠂  ᠣᠷᠳᠤᠰ  ᠬᠣᠲᠠ  ᠶᠢᠨ ᠬᠠᠩᠭᠢᠨ ᠬᠣᠰᠢᠭᠤᠨ ᠤ ᠤᠤᠯ ᠤᠨ ᠲᠥᠬᠦᠷᠢᠭ ᠰᠤᠮᠤᠨ( ᠣᠳᠤ ᠶᠢᠨ ᠲᠠᠷᠢᠶᠠᠨᠭᠤᠤᠯ ᠬᠠᠮᠢᠶᠠᠷᠤᠯᠲᠠ ᠶᠢᠨ ᠵᠥᠪᠯᠡᠯ ᠦᠨ ᠪᠠᠶᠠᠨᠪᠤᠯᠠᠭ ᠭᠠᠴᠠᠭ᠎ᠠ) ᠤ  ᠰᠤᠳᠠᠯ ᠤᠨ ᠭᠣᠣᠯ ᠢ᠋ᠶ᠋ᠠᠷ ᠨᠤᠲᠤᠭ ᠲᠠᠢ᠂ ᠥᠪᠦᠷ ᠮᠣᠩᠭᠤᠯ ᠤᠨ ᠰᠤᠷᠭᠠᠨ ᠬᠥᠮᠦᠵᠢᠯ ᠦᠨ ᠬᠡᠪᠯᠡᠯ ᠦᠨ ᠬᠣᠷᠢᠶᠠᠨ ᠤ ᠳᠡᠭᠡᠳᠦ ᠵᠡᠷᠭᠡ ᠶᠢᠨ ᠨᠠᠢᠷᠠᠭᠤᠯᠤᠭᠴᠢ  ᠃

ᠲᠦᠮᠡᠨᠳᠡᠯᠭᠡᠷ  ᠭᠤᠸᠠᠢ 1983 ᠣᠨ ᠳᠤ ᠥᠪᠦᠷ ᠮᠣᠩᠭᠤᠯ  ᠤᠨ  ᠦᠨᠳᠦᠰᠦᠲᠡᠨ  ᠤ ᠪᠠᠭᠰᠢ ᠶᠢᠨ ᠰᠤᠷᠭᠠᠭᠤᠯᠢ ᠡᠴᠡ  ᠲᠡᠭᠦᠰᠴᠠᠢ ᠃ ᠦᠰᠦᠭ ᠪᠢᠴᠢᠯᠭᠡ  ᠶᠢᠨ  ᠲᠤᠬᠠᠢ ᠥᠪᠡᠷ ᠦᠨ ᠠᠵᠢᠯ ᠢᠶᠡᠨ ᠲᠡᠷᠡ ᠲᠤᠷᠠᠰᠤᠨ  ᠶᠠᠷᠢᠬᠤ ᠳᠤ  ᠪᠡᠨ᠄ 《 ᠰᠡᠢᠷᠡᠭᠦᠯᠦᠨ ᠪᠢᠴᠢᠬᠦ ᠠᠵᠢᠯ ᠤᠨ ᠬᠠᠯᠠ ᠲᠠᠢ ᠨᠢ ᠭᠠᠭᠴᠠ ᠴᠡᠪᠡᠷ ᠲᠡᠭᠰᠢ  ᠵᠥᠪ  ᠪᠢᠴᠢᠭᠡᠳ ᠪᠣᠯᠬᠤ ᠪᠢᠰᠢ᠂ ᠬᠠᠷᠢᠨ  ᠪᠦᠬᠦᠯᠢ ᠨᠢᠭᠤᠷ ᠦᠰᠦᠭ ᠦᠨ ᠴᠡᠪᠡᠷ ᠲᠡᠭᠰᠢ᠂  ᠲᠥᠷᠢᠮᠵᠢᠭᠦᠨ ᠪᠠᠷᠢᠮᠵᠢᠶ᠎ᠠ᠂ ᠶᠡᠬᠡ ᠪᠠᠭ᠎ᠠ᠂ ᠬᠣᠭᠤᠷᠤᠨᠳᠤᠬᠢ ᠵᠠᠢ ᠵᠡᠷᠭᠡ ᠵᠢ ᠪᠦᠬᠦᠨ  ᠢ ᠪᠣᠳᠤᠯᠬᠢᠯᠠᠬᠤ ᠬᠡᠷᠡᠭᠲᠡᠢ ᠃ ᠶᠠᠭ ᠠᠷᠭ᠎ᠠ ᠦᠭᠡᠢ ᠦᠶ᠎ᠡ ᠳᠤ ᠪᠡᠨ ᠪᠤᠷᠤᠭᠤ  ᠪᠢᠴᠢᠭᠰᠡᠨ ᠦᠰᠦᠭ  ᠢᠶᠡᠨ ᠵᠦᠰᠦᠵᠦ ᠬᠠᠶᠠᠴᠢᠬᠠᠭᠠᠳ ᠳᠠᠬᠢᠵᠤ ᠪᠢᠴᠢᠵᠤ  ᠨᠠᠭᠠᠳᠠᠭ᠃ ᠭᠡᠬᠦ ᠳ᠋ᠦ ᠪᠡᠨ  ᠤᠷᠲᠦ ᠣᠬᠤᠷ ᠪᠠ ᠵᠠᠢ ᠵᠠᠭᠠᠭ ᠨᠢ ᠥᠴᠦᠬᠡᠨ ᠴᠦ ᠵᠥᠷᠢᠵᠦ ᠪᠣᠯᠬᠤ ᠦᠭᠡᠢ᠃  ᠠᠷᠪᠠᠨ  ᠲᠠᠪᠤᠨ ᠵᠢᠯ ᠦᠨ ᠲᠤᠷᠰᠢ ᠲᠠᠩ ᠭᠠᠭᠴᠠ  ᠪᠢᠴᠢᠮᠡᠯ ᠲᠢᠭ᠌ ᠦᠨ ᠰᠡᠢᠷᠡᠭᠦᠯᠦᠯ ᠦᠨ ᠠᠵᠢᠯ ᠢ ᠬᠢᠭᠰᠡᠨ ᠲᠡᠳᠦᠢ ᠪᠢᠰᠢ᠂ ᠨᠣᠮ ᠤᠨ ᠨᠡᠷ᠎ᠡ᠂   ᠵᠢᠭᠢᠷᠢᠭ᠌ ᠵᠢᠷᠤᠭ  ᠪᠠ  ᠭᠠᠵᠠᠷ ᠤᠨ ᠵᠢᠷᠤᠭ ᠤᠨ ᠦᠰᠦᠭ ᠢ ᠴᠤ ᠶᠡᠬᠡ ᠬᠡᠮᠵᠢᠶ᠎ᠡ ᠪᠡᠷ ᠪᠢᠴᠢᠵᠦ ᠪᠠᠢᠭᠰᠠᠨ ᠪᠣᠯᠬᠣᠷ ᠬᠡᠪᠯᠡᠯ ᠳᠠᠷᠤᠮᠠᠯ ᠤᠨ ᠦᠰᠦᠭ  ᠤᠨ ᠲᠢᠭ᠌ ᠤᠨ ᠲᠤᠬᠠᠢ ᠨᠠᠷᠢᠪᠴᠢᠯᠠᠨ ᠰᠢᠨᠵᠢᠵᠦ ᠨᠡᠯᠢᠶᠡᠳ ᠴᠠᠭᠠᠷᠠᠭᠰᠠᠨ ᠭᠡᠵᠦ ᠬᠡᠯᠡᠵᠦ ᠪᠣᠯᠤᠨ᠎ᠠ᠃  1997 ᠣᠨ  ᠳᠤ ᠺᠣᠮᠫᠢᠦ᠋ᠲ᠋ᠧᠷ ᠦᠨ ᠪᠢᠴᠢᠮᠡᠯ ᠲᠢᠭ᠌—— ᠬᠠᠧᠠᠩ ᠲᠢᠭ᠌ ᠲᠠᠢ ᠪᠤᠯᠵᠦ ᠰᠤᠷᠬᠤ ᠪᠢᠴᠢᠭ᠌ ᠤᠨ ᠬᠡᠪᠯᠡᠯ ᠳ᠋ᠦ᠍ ᠠᠭᠠᠵᠢᠮ ᠢ᠋ᠶ᠋ᠠᠷ ᠨᠡᠢᠳᠡᠮ ᠬᠡᠷᠡᠭᠯᠡᠭᠳᠡᠬᠦ ᠪᠣᠯᠤᠭᠰᠠᠨ ᠪᠠᠢᠨ᠎ᠠ᠃ᠦᠰᠦᠭ ᠦᠨ ᠲᠢᠭ᠌ ᠪᠣᠯ ᠮᠡᠳᠡᠭᠡᠯᠡᠯ ᠦᠨ ᠰᠣᠶᠤᠯ ᠳᠤ ᠴᠢᠬᠤᠯᠠ ᠦᠢᠯᠡᠳᠦᠯ ᠦᠵᠡᠭᠦᠯᠳᠡᠭ ᠬᠠᠷᠠᠭᠠᠨ ᠰᠡᠷᠡᠯ ᠦ᠋ᠨ  ᠰᠢᠭᠤᠳ ᠵᠠᠭᠤᠴᠢᠯᠠᠭᠤᠷ ᠤᠨ ᠨᠢᠭᠡ ᠵᠦᠢᠯ ᠪᠣᠯᠬᠣᠷ ᠤᠷᠠᠯᠢᠭ ᠤᠨ ᠲᠠᠯ᠎ᠠ ᠶᠢᠨ ᠥᠨᠳᠦᠷ ᠱᠠᠭᠠᠷᠳᠠᠯᠭ᠎ᠠ ᠲᠠᠢ ᠪᠠᠢᠬᠤ ᠶᠣᠰᠣᠲᠠᠢ᠃ ᠣᠨᠴᠠᠭᠠᠢᠯᠠᠨ ᠪᠢᠴᠢᠮᠡᠯ ᠲᠢᠭ᠌ ᠨᠢ ᠲᠤᠬᠠᠢ ᠶᠢᠨ ᠦᠰᠦᠭ ᠪᠢᠴᠢᠭ᠌ ᠦᠨ ᠤᠷᠠᠨ ᠪᠢᠴᠢᠯᠭᠡ ᠶᠢᠨ ᠬᠥᠭᠵᠢᠯᠲᠡ ᠳᠡᠭᠡᠷ᠎ᠡ ᠰᠠᠭᠤᠷᠢᠯᠠᠭᠳᠠᠳᠠᠭ ᠭᠡᠵᠦ ᠪᠢ ᠦᠵᠡᠳᠡᠭ ᠃ ᠡᠢᠮᠦ ᠡᠴᠡ ᠦᠰᠦᠭ ᠦᠨ ᠲᠢᠭ᠌ ᠢ᠋ ᠰᠠᠢᠵᠢᠷᠠᠭᠤᠯᠤᠶ᠎ᠠ ᠭᠡᠪᠡᠯ ᠤᠷᠠᠨ ᠪᠢᠴᠢᠯᠭᠡ ᠶᠢᠨ ᠬᠥᠭᠵᠢᠯᠲᠡ ᠵᠢ ᠠᠬᠢᠭᠤᠯᠬᠤ ᠬᠡᠷᠡᠭᠲᠡᠢ᠃ ᠶᠡᠷᠡᠨ ᠲᠤᠯᠤᠭᠠᠨ ᠣᠨ ᠳᠤ ᠬᠠᠮᠢᠶᠠᠷᠤᠯᠲᠠ ᠶᠢᠨ ᠠᠵᠢᠯ  ᠤᠨ ᠪᠠᠢᠷᠢᠨ ᠳᠡᠭᠡᠷ᠎ᠡ ᠰᠢᠯᠵᠢᠭᠰᠡᠨ ᠴᠦ ᠭᠡᠳ ᠡᠨᠡ ᠵᠦᠭ ᠠᠩᠬᠠᠷᠤᠯ ᠢ᠋ᠶ᠋ᠠᠨ ᠢᠯᠡᠭᠦᠦ ᠬᠠᠨᠳᠤᠭᠤᠯᠵᠤ ᠡᠳᠦᠢ ᠲᠡᠳᠦᠢ ᠠᠵᠢᠯ ᠬᠢᠭᠰᠡᠨ ᠮᠠᠨᠢ ᠦᠨᠡᠨ ᠲᠠᠢ ᠭᠡᠯ᠎ᠡ᠃ 》

ᠲᠡᠷᠡ ᠪᠡᠷ ᠬᠠᠮᠢᠶᠠᠷᠤᠯᠲᠠ ᠶᠢᠨ ᠠᠵᠢᠯ ᠤᠨ ᠳᠠᠪᠠᠭᠤᠯᠢᠭ ᠨᠥᠬᠦᠴᠡᠯ ᠳ᠋ᠦ᠍ ᠪᠡᠨ ᠲᠦᠰᠢᠭᠯᠡᠨ ᠪᠠᠭ᠎ᠠ ᠰᠤᠷᠭᠠᠭᠤᠯᠢ ᠪᠠ ᠠᠩᠬ᠎ᠠ ᠳᠤᠮᠳᠠᠳᠤ ᠶᠢᠨ ᠠᠩᠭᠢ ᠳᠤ ᠮᠣᠩᠭᠤᠯ ᠤᠷᠠᠨ ᠪᠢᠴᠢᠯᠭᠡ ᠶᠢᠨ ᠬᠢᠴᠢᠶᠡᠯ ᠦᠨ ᠪᠢᠴᠢᠭ᠌ ᠨᠠᠢᠷᠠᠭᠤᠯᠤᠨ ᠬᠡᠪᠯᠡᠭᠦᠯᠬᠦ ᠵᠢ ᠰᠠᠨᠠᠭᠠᠴᠢᠯᠠᠨ ᠳᠤᠷᠠᠳᠴᠤ᠂ ᠤᠳᠤᠷᠢᠳᠤᠯᠭ᠎ᠠ ᠶ᠋ᠢᠨ ᠢ᠋ᠶ᠋ᠠᠨ ᠳᠡᠮᠵᠢᠯᠭᠡ ᠲᠠᠢ ᠪᠠᠷ ᠳᠡᠭᠡᠳᠦ ᠱᠠᠳᠤᠨ ᠤ ᠵᠥᠪᠰᠢᠶᠡᠷᠡᠯ ᠢ  ᠣᠯᠵᠤ᠂2012 ᠣᠨ ᠠ᠋ᠴᠠ ᠢᠵᠢ ᠪᠦᠷᠢᠨ17 ᠳᠡᠪᠲᠡᠷ ᠬᠠᠮᠤᠭ ᠤᠨ ᠠᠩᠬᠠᠨ ᠤ ᠮᠣᠩᠭᠤᠯ《 ᠤᠷᠠᠨ ᠪᠢᠴᠢᠯᠭᠡ ᠶᠢᠨ ᠬᠢᠴᠢᠶᠡᠯ ᠦ᠋ᠨ ᠪᠢᠴᠢᠭ᠌ ᠠᠯᠪᠠᠨ ᠶᠣᠰᠤᠭᠠᠷ ᠬᠡᠪᠯᠡᠭᠳᠡᠨ ᠲᠠᠷᠬᠠᠭᠳᠠᠬᠤ ᠳᠤ ᠵᠣᠬᠢᠶᠠᠨ ᠪᠠᠢᠭᠤᠯᠤᠨ ᠨᠠᠢᠷᠠᠭᠤᠯᠬᠤ ᠂  ᠬᠢᠨᠠᠨ ᠪᠠᠲᠤᠯᠠᠬᠤ ᠠᠵᠢᠯ ᠢ  ᠭᠦᠢᠴᠡᠳᠭᠡᠭᠰᠡᠨ ᠪᠥᠭᠡᠳ ᠬᠠᠷᠢᠭᠤᠴᠠᠭᠰᠠᠨ ᠨᠠᠢᠷᠠᠭᠤᠯᠤᠭᠴᠢ ᠶᠢᠨ ᠡᠭᠦᠷᠭᠡ ᠵᠢ ᠴᠦ ᠥᠪᠡᠷ ᠢᠶᠡᠨ ᠳᠠᠭᠠᠭᠠᠵᠠᠢ᠃ 《 ᠡᠨᠡ ᠠᠵᠢᠯ ᠮᠠᠨᠢ ᠮᠣᠩᠭᠤᠯ ᠤᠷᠠᠨ ᠪᠢᠴᠢᠯᠭᠡ᠂ ᠦᠰᠦᠭ ᠦᠨ ᠲᠢᠭ᠌ ᠦᠨ ᠬᠥᠭᠵᠢᠯᠲᠡ ᠳ᠋ᠦ᠍ ᠠᠬᠢᠭᠤᠯᠤᠯ ᠪᠣᠯᠵᠤ ᠠᠯᠤᠰ ᠬᠡᠳᠦ ᠶᠢᠨ ᠨᠥᠯᠦᠭᠡ ᠪᠤᠯᠬᠤ  ᠨᠢ ᠯᠠᠪᠲᠠᠢ 》ᠭᠡᠵᠦ ᠢᠲᠡᠭᠡᠯ ᠲᠠᠢ ᠶᠠᠷᠢᠵᠤ ᠪᠠᠢᠯ᠎ᠠ᠃

ᠲᠥᠮᠡᠨᠳᠡᠯᠭᠡᠷ ᠭᠤᠸᠠᠢ ᠤᠷᠠᠨ ᠵᠢᠷᠤᠭ ᠤᠨ ᠠᠪᠢᠶᠠᠰ ᠵᠢᠴᠢ ᠭᠠᠷ ᠤᠨ ᠲᠢᠭ᠌ ᠪᠣᠯᠪᠠᠰᠤᠷᠠᠩᠭᠤᠢ ᠪᠣᠯᠤᠭᠰᠠᠨ  ᠡᠴᠡ ᠣᠳᠣ ᠶᠢᠨ《 ᠲᠦᠮᠡᠨᠳᠡᠯᠭᠡᠷ  ᠤᠨ ᠦᠵᠦᠭ   ᠤᠨ ᠲᠢᠭ᠌》 ᠢ ᠤᠷᠠᠯᠠᠨ ᠵᠣᠬᠢᠶᠠᠬᠤ  ᠳᠤ  ᠮᠠᠰᠢ ᠶᠡᠬᠡ ᠨᠥᠯᠦᠭᠡ  ᠪᠠ ᠰᠠᠭᠤᠷᠢ ᠪᠣᠯᠤᠭᠰᠠᠨ ᠨᠢ ᠯᠠᠪᠲᠠᠢ ᠃

2015ᠣᠨ ᠳᠤ  ᠲᠦᠮᠡᠨᠳᠡᠯᠭᠡᠷ ᠦᠨ ᠦᠵᠦᠭ  ᠤᠨ ᠲᠢᠭ᠌  ᠨᠢ ᠥᠪᠦᠷ ᠮᠣᠩᠭᠤᠯ ᠤᠨ ᠳᠡᠯᠡᠬᠡᠢ  ᠺᠣᠮᠫᠠᠨᠢ ᠶᠢᠨ  ᠬᠠᠮᠲᠤᠷᠠᠯᠴᠠᠭ᠎ᠠ ᠪᠡᠷ ᠺᠣᠮᠫᠢᠦ᠋ᠲ᠋ᠧᠷ  ᠲᠤ ᠬᠡᠷᠡᠭᠯᠡᠬᠦ ᠲᠢᠭ᠌ ᠪᠣᠯᠭᠠᠵᠤ ᠪᠢᠯᠡ ᠂ ᠳᠡᠯᠡᠬᠡᠢ ᠺᠣᠮᠫᠠᠨᠢ ᠶᠢᠨ ᠮᠡᠷᠭᠡᠵᠢᠯᠲᠡᠨ ᠵᠢᠴᠢ ᠲᠦᠮᠡᠨᠳᠡᠯᠭᠡᠷ ᠭᠤᠸᠠᠢ ᠶᠢᠨ ᠬᠡᠳᠦᠨ ᠰᠠᠷ᠎ᠠ ᠶᠢᠨ ᠰᠢᠷᠭᠠᠭᠤ ᠴᠢᠷᠮᠠᠢᠯᠭ᠎ᠠ  ᠪᠡᠷ ᠮᠠᠰᠢ ᠬᠤᠷᠳᠤᠬᠠᠨ ᠬᠡᠷᠡᠭᠯᠡᠭᠡᠨ ᠳᠤ ᠣᠷᠣᠵᠡᠢ᠃ ᠮᠥᠨ ᠵᠢᠯ ᠦᠨ ᠪᠥᠬᠦ  ᠣᠷᠤᠨ ᠤ ᠨᠠᠢ᠍ᠮᠠᠨ ᠮᠤᠵᠢ ᠣᠷᠤᠨ ᠤ ᠮᠣᠩᠭᠤᠯ  ᠢᠶᠡᠷ ᠬᠢᠴᠢᠶᠡᠯᠯᠡᠳᠡᠭ ᠰᠤᠷᠤᠭᠴᠢᠳ ᠤᠨ ᠲᠥᠷᠢᠮᠵᠢᠬᠦᠨ ᠪᠢᠴᠢᠯᠭᠡ ᠶᠢᠨ ᠰᠤᠷᠬᠤ ᠪᠢᠴᠢᠭ᠌  ᠢᠶᠡᠷ ᠨᠡᠢᠲᠡ17 ᠳᠡᠪᠲᠡᠷ ᠬᠡᠪᠯᠡᠭᠳᠡᠨ  ᠬᠡᠷᠡᠭᠯᠡᠭᠳᠡᠭᠰᠡᠭᠡᠷ ᠪᠠᠢᠨ᠎ᠠ᠃ ᠲᠦᠮᠡᠨ ᠲᠢᠭ᠌ ᠨᠢ ᠪᠢᠴᠢᠬᠦ ᠳᠤ ᠴᠡᠪᠡᠷ ᠲᠣᠬᠢᠯᠢᠭ᠂ ᠬᠠᠷᠠᠭᠠᠨ ᠳᠤᠲᠣᠳᠤᠬᠠᠨ ᠰᠠᠢᠬᠠᠨ ᠬᠠᠷᠠᠭᠳᠠᠵᠤ᠂ ᠶᠠᠭ ᠯᠡ ᠪᠣᠯᠤᠳ ᠪᠢᠷ ᠪᠡᠷ ᠰᠡᠢᠷᠡᠭᠦᠯᠦᠨ ᠪᠢᠴᠢᠭᠰᠡᠨ ᠰᠢᠭ᠌ ᠪᠠᠢᠳᠠᠭ ᠡᠴᠡ ᠰᠤᠷᠤᠭᠴᠢᠳ ᠦᠵᠡᠬᠦ ᠳᠤ ᠲᠣᠳᠤᠷᠬᠠᠢ᠂ ᠮᠣᠩᠭᠤᠯ ᠬᠡᠯᠡ ᠪᠢᠴᠢᠭ᠌ ᠦᠨ ᠬᠢᠴᠢᠶᠡᠯ ᠦᠨ ᠪᠠᠷᠢᠮᠵᠢᠶᠠᠨ ᠤ ᠦᠰᠦᠭ ᠪᠢᠴᠢᠯᠭᠡ ᠶᠢᠨ ᠱᠠᠭᠠᠷᠳᠠᠯᠭ᠎ᠠ ᠳᠤ ᠵᠣᠬᠢᠴᠠᠭᠤᠯᠵᠤ ᠰᠤᠷᠤᠭᠴᠢᠳ ᠢ ᠮᠣᠩᠭᠤᠯ ᠦᠰᠦᠭ ᠦᠨ ᠵᠢᠷᠤᠯᠭ᠎ᠠ ᠶᠢᠨ ᠳᠦᠷᠢᠮ ᠶᠣᠰᠤᠭᠠᠷ ᠴᠡᠪᠡᠷ ᠲᠡᠭᠰᠢ᠂ ᠵᠢᠭᠳᠡ ᠲᠦᠷᠢᠮᠵᠢᠭᠦᠨ ᠪᠢᠴᠢᠬᠦ ᠳᠤ ᠵᠣᠷᠢᠭᠤᠯᠵᠤ ᠮᠠᠨ ᠤ ᠮᠡᠷᠭᠡᠵᠢᠯᠲᠡᠨ ᠨᠠᠷ ᠠᠴᠤᠭ ᠰᠢᠯᠪᠢ᠂ ᠡᠪᠡᠷ ᠭᠡᠵᠢᠭᠡ ᠡᠴᠡ ᠨᠢ ᠡᠬᠢᠯᠡᠵᠦ ᠮᠠᠰᠢ ᠶᠡᠬᠡ ᠬᠦᠴᠦ ᠵᠠᠷᠤᠴᠠᠭᠤᠯᠵᠤ ᠲᠥᠯᠤᠪᠯᠡᠵᠦ ᠬᠢᠭᠰᠡᠨ ᠨᠢ ᠲᠦᠮᠡᠨ ᠲᠢᠭ᠌ ᠦᠨ ᠭᠠᠷ ᠪᠢᠴᠢᠮᠡᠯ ᠣᠨᠴᠠᠯᠢᠭ ᠵᠢ ᠭᠡᠭᠡᠭᠳᠡᠭᠦᠯᠬᠦ ᠦᠭᠡᠢ ᠵᠢ ᠬᠢᠴᠢᠶᠡᠭᠰᠡᠨ ᠪᠠᠢᠬᠤ ᠶᠤᠮ᠃

ᠮᠣᠩᠭᠤᠯ ᠦᠰᠦᠭ ᠦᠨ  ᠲᠢᠭ᠌ ᠤᠨ ᠲᠤᠬᠠᠢ ᠄ᠲᠦᠮᠡᠨᠳᠡᠯᠭᠡᠷ ᠭᠤᠸᠠᠢ ᠵᠢᠴᠢ ᠤᠷᠠᠯᠠᠨ ᠬᠢᠭᠰᠡᠨ ᠮᠡᠷᠭᠡᠵᠢᠯᠲᠡᠨ ᠨᠠᠷ 《  ᠺᠣᠮᠫᠢᠦ᠋ᠲ᠋ᠧᠷ ᠦᠨ ᠮᠡᠷᠭᠡᠵᠢᠯ ᠦᠨ ᠬᠥᠭᠵᠢᠯᠲᠡ ᠵᠢ ᠳᠠᠭᠠᠯᠳᠤᠨ ᠮᠣᠩᠭᠤᠯ ᠦᠰᠦᠭ ᠦᠨ ᠲᠢᠭ᠌ ᠢ᠋ ᠤᠷᠠᠯᠠᠨ ᠵᠣᠬᠢᠶᠠᠬᠤ ᠳᠤ ᠲᠥᠬᠦᠮ ᠪᠣᠯᠤᠭᠰᠠᠨ ᠪᠣᠯᠪᠠᠴᠤ ᠣᠳᠣ  ᠪᠣᠯᠲᠠᠯ᠎ᠠ  ᠨᠡᠢᠲᠡᠴᠢ ᠬᠡᠷᠡᠭᠯᠡᠭᠡᠨ ᠳ᠋ᠦ᠍ ᠳᠣᠭᠢᠷᠠᠬᠤ ᠦᠰᠦᠭ ᠦᠨ ᠲᠢᠭ᠌ ᠲᠤᠩ ᠴᠥᠭᠡᠨ᠃ ᠬᠡᠪᠯᠡᠯ ᠳᠠᠷᠤᠮᠠᠯ ᠤᠨ ᠬᠡᠷᠡᠭᠯᠡᠭᠡᠨ ᠦ᠌  ᠲᠢᠭ᠌ ᠢ᠋ ᠤᠷᠠᠯᠠᠨ ᠵᠣᠬᠢᠶᠠᠨ᠎ᠠ ᠭᠡᠳᠡᠭ ᠨᠢ ᠦᠨᠡᠨ ᠳ᠋ᠦ᠍ ᠪᠡᠨ ᠲᠡᠢᠮᠦ ᠬᠢᠯᠪᠠᠷᠬᠠᠨ ᠠᠵᠢᠯ ᠪᠢᠰᠢ᠂ ᠥᠨᠳᠦᠷ ᠬᠡᠮᠵᠢᠶᠡᠨ ᠦ᠌ ᠤᠷᠠᠯᠢᠭ ᠤᠨ ᠱᠠᠭᠠᠷᠳᠠᠯᠭ᠎ᠠ ᠪᠠ ᠦᠰᠦᠭ ᠦᠨ ᠲᠢᠭ᠌ ᠬᠡᠯᠪᠡᠷᠢ ᠳ᠋ᠦ᠍ ᠪᠡᠨ ᠲᠣᠬᠢᠷᠠᠭᠰᠠᠨ ᠪᠠᠷᠢᠮᠵᠢᠶ᠎ᠠ ᠳᠦᠷᠢᠮᠵᠢᠯ ᠪᠠᠢᠬᠤ ᠬᠡᠷᠡᠭᠲᠡᠢ᠃ <ᠲᠦᠮᠡᠨᠳᠡᠯᠭᠡᠷ ᠤᠨ  ᠦᠵᠦᠭ ᠤᠨ ᠲᠢᠭ᠌ > ᠴᠦ ᠭᠡᠳ ᠶᠡᠷᠤᠩᠬᠢ ᠳᠤ ᠪᠡᠨ ᠪᠣᠯᠬᠤ ᠰᠢᠭ ᠪᠣᠯᠪᠠᠴᠤ ᠪᠠᠰᠠ ᠡᠳᠦᠢ ᠲᠡᠳᠦᠢ ᠳᠤᠲᠠᠭᠳᠠᠯ ᠪᠠᠢᠬᠤ ᠵᠢ ᠦᠵᠡᠵᠦ ᠭᠠᠷᠤᠭᠰᠠᠨ᠃ ᠴᠠᠭ ᠤᠨ ᠬᠠᠷᠠᠭ᠎ᠠ ᠪᠠᠷ ᠵᠠᠰᠠᠵᠤ ᠰᠠᠢᠵᠢᠷᠠᠭᠤᠯᠵᠤ ᠵᠠᠪᠳᠤᠭ᠎ᠠ ᠦᠭᠡᠢ ᠪᠠᠢᠭᠰᠠᠭᠠᠷ᠃ ᠴᠠᠭᠠᠰᠢᠳᠠ ᠨᠠᠷᠢᠯᠢᠭ ᠪᠣᠯᠪᠠᠰᠤᠷᠠᠭᠤᠯᠬᠤ ᠬᠡᠷᠡᠭᠲᠡᠢ 》 ᠬᠡᠮᠡᠨ ᠥᠪᠡᠷᠰᠡᠳ  ᠤᠨ ᠬᠢᠭᠰᠡᠨ ᠳ᠋ᠦ᠍ ᠪᠡᠨ ᠬᠠᠨᠤᠮᠵᠢ ᠮᠠᠭᠤᠲᠠᠢ ᠳᠠᠷᠤᠤᠬᠠᠨ ᠶᠠᠷᠢᠵᠠᠭᠠᠵᠤ ᠪᠠᠢᠯ᠎ᠠ᠃

ᠰᠠᠷᠡᠨᠴᠡᠴᠡᠭ ᠪᠡᠯᠡᠳᠭᠡᠵᠦ ᠮᠡᠳᠡᠭᠡᠯᠡᠪᠡ

ᠳᠣᠣᠷ᠎ᠠ ᠲᠠ ᠨᠠᠷ ᠳᠤ ᠲᠦᠮᠡᠨ ᠲᠢᠭ᠌ ᠤᠨ ᠪᠠᠭᠤᠯᠭᠠᠵᠤ ᠤᠭᠰᠠᠷᠠᠬᠤ ᠠᠯᠬᠤᠮ ᠳᠠᠷᠠᠭ᠎ᠠ ᠵᠢ ᠳᠠᠭᠠᠯᠳᠤᠭᠤᠯᠤᠶ᠎ᠠ

ᠨᠢᠭᠡᠳᠦᠭᠡᠷ ᠠᠯᠬᠤᠮ᠄ ᠰᠦᠯᠵᠢᠶᠡᠨ ᠬᠠᠢᠭᠴᠢ ᠳᠤ ᠳᠡᠯᠡᠬᠡᠢ ᠺᠣᠮᠫᠠᠨᠢ ᠶᠢᠨ ᠰᠦᠯᠵᠢᠶᠡᠨ ᠤ ᠬᠠᠶᠠᠭ ᠵᠢ ᠣᠷᠤᠭᠤᠯᠵᠤ ᠳᠡᠯᠡᠬᠡᠢ ᠺᠣᠮᠫᠠᠨᠢ ᠶᠢᠨ ᠰᠦᠯᠵᠢᠶ᠎ᠡ ᠵᠢ ᠨᠡᠭᠡᠭᠡᠵᠦ ᠪᠦᠲᠦᠭᠳᠡᠬᠦᠨ ᠤ ᠲᠥᠪ ᠵᠢ ᠲᠣᠪᠴᠢᠳᠠᠨ ᠣᠷᠤᠨ᠎ᠠ᠃

ᠬᠣᠶᠠᠳᠤᠭᠠᠷ ᠠᠯᠬᠤᠮ᠄ ᠪᠦᠲᠦᠭᠳᠡᠬᠦᠨ ᠤ ᠲᠥᠪ ᠡᠴᠡ ᠤᠯᠠᠨ ᠤᠯᠤᠰ ᠤᠨ/ ᠤᠯᠤᠰ ᠤᠨ ᠪᠠᠷᠢᠮᠵᠢᠶ᠎ᠠ ᠺᠣᠳ᠋ ᠮᠣᠩᠭᠤᠯ ᠬᠡᠯᠡᠨ ᠤ ᠬᠠᠮ ᠵᠠᠭᠤᠴᠢᠯᠠᠭᠤᠷ ᠤᠨ ᠦᠰᠦᠭ ᠦᠨ ᠲᠢᠭ᠌ ᠵᠢ ᠰᠣᠩᠭᠤᠨ᠎ᠠ᠃

ᠭᠤᠷᠪᠠᠳᠤᠭᠠᠷ ᠠᠯᠬᠤᠮ᠄ ᠤᠢᠭᠤᠷᠵᠢᠨ ᠮᠣᠩᠭᠤᠯ ᠬᠡᠯᠡᠨ ᠤ ᠲᠦᠮᠡᠨ ᠲᠢᠭ᠌ ᠵᠢ ᠰᠣᠩᠭᠤᠨ᠎ᠠ᠃

ᠲᠦᠷᠪᠡᠳᠦᠭᠡᠷ ᠠᠯᠬᠤᠮ᠄ ᠰᠢᠭᠤᠳ ᠪᠠᠭᠤᠯᠭᠠᠵᠤ ᠤᠭᠰᠠᠷᠠᠨ᠎ᠠ᠃

ᠤᠯᠠᠨ ᠤᠯᠤᠰ ᠤᠨ/ ᠤᠯᠤᠰ ᠪᠠᠷᠢᠮᠵᠢᠶᠠᠲᠤ ᠺᠣᠳ᠋ ᠤᠢᠭᠤᠷᠵᠢᠨ ᠮᠣᠩᠭᠤᠯ ᠦᠰᠦᠭ ᠤᠨ ᠲᠢᠭ᠌

( Open Type)Windows᠂ Android᠂ Linux ᠰᠢᠰᠲ᠋ᠧᠮ ᠳᠤ ᠬᠡᠷᠡᠭᠯᠡᠵᠦ ᠪᠣᠯᠤᠨ᠎ᠠ᠃ ᠪᠠᠷᠢᠮᠵᠢᠶᠠᠲᠤ ᠪᠤᠰᠤ ᠺᠣᠳ᠋ ᠦᠰᠦᠭ ᠦᠨ ᠲᠢᠭ᠌ ( Pua)Photoshop᠂ flash ᠵᠡᠷᠭᠡ ᠳᠤ ᠬᠡᠷᠡᠭᠯᠡᠵᠦ ᠪᠣᠯᠤᠨ᠎ᠠ᠃

 

ᠲᠦᠷᠦᠯ ᠠᠩᠭᠢᠯᠠᠯ᠄ 未分类.