16 ᠳ᠋ᠤᠭᠠᠷ ᠤᠳᠠᠭᠠᠨ ᠤ ᠪᠥᠬᠦ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ᠦᠭᠡ ᠬᠡᠯᠡ ᠦᠰᠦᠭ ᠪᠢᠴᠢᠭ᠌ ᠦᠨ ᠰᠤᠷᠠᠭ ᠵᠠᠩᠭᠢᠴᠢᠯᠠᠯᠲᠠ ᠶᠢᠨ ᠡᠷᠳᠡᠮ ᠰᠢᠨᠵᠢᠯᠡᠭᠡᠨ ᠦ᠌ ᠰᠤᠳᠤᠯᠭᠠᠨ ᠤ ᠬᠤᠷᠠᠯ ᠠᠮᠵᠢᠯᠲᠠ ᠲᠠᠢ ᠶᠠᠪᠤᠭᠳᠠᠪᠠ

2017ᠣᠨ ᠤ 9  ᠰᠠᠷ᠎ᠠ ᠶᠢᠨ20 ᠤ ᠡᠳᠤᠷ ᠡᠴᠡ23 ᠤ ᠡᠳᠦᠷ ᠲᠦ᠍16 ᠳ᠋ᠤᠭᠠᠷ ᠤᠳᠠᠭᠠᠨ ᠤ ᠪᠥᠬᠦ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ᠦᠭᠡ ᠬᠡᠯᠡ ᠦᠰᠦᠭ ᠪᠢᠴᠢᠭ᠌ ᠦᠨ  ᠰᠤᠷᠠᠭ ᠵᠠᠩᠭᠢᠴᠢᠯᠠᠯᠲᠠ ᠶᠢᠨ ᠡᠷᠳᠡᠮ ᠰᠢᠨᠵᠢᠯᠡᠭᠡᠨ ᠦ᠌ ᠰᠤᠳᠤᠯᠭᠠᠨ  ᠤ ᠬᠤᠷᠠᠯ  ᠭᠤᠸᠠᠩᠰᠢ ᠶᠢᠨ ᠵᠤᠸᠠᠩ  ᠦᠨᠳᠦᠰᠦᠲᠡᠨ ᠦ᠌ ᠥᠪᠡᠷᠲᠡᠭᠡᠨ ᠵᠠᠰᠠᠬᠤ ᠣᠷᠤᠨ ᠤ ᠭᠦᠢᠯᠢᠨ  ᠬᠣᠲᠠ ᠳᠤ ᠶᠠᠪᠤᠭᠳᠠᠪᠠ᠃

ᠲᠤᠰ ᠬᠤᠷᠠᠯᠳᠤᠭᠠᠨ ᠳᠤ ᠪᠥᠬᠦ ᠤᠯᠤᠰ ᠤᠨ ᠡᠯ᠎ᠡ ᠭᠠᠵᠠᠷ ᠣᠷᠤᠨ ᠤ  ᠴᠦ᠋ᠬᠡᠨ ᠲᠣᠭᠠᠲᠤ ᠦᠨᠳᠦᠰᠦᠲᠡᠨ ᠦ᠌   ᠦᠭᠡ ᠬᠡᠯᠡ ᠦᠰᠦᠭ ᠪᠢᠴᠢᠭ᠌ ᠦᠨ ᠠᠵᠢᠯ ᠤᠨ ᠺᠣᠮᠫᠠᠨᠢ ᠵᠢᠴᠢ ᠠᠵᠤ ᠠᠬᠤᠢᠯᠠᠯ ᠪᠠ ᠥᠨᠳᠦᠷ  ᠳᠡᠭᠡᠳᠦ ᠵᠡᠷᠭᠡ ᠶᠢᠨ ᠰᠤᠷᠭᠠᠭᠤᠯᠢ ᠂ ᠳᠤᠮᠳᠠᠳᠤ ᠤᠯᠤᠰ ᠤᠨ ᠬᠢᠲᠠᠳ ᠬᠡᠯᠡᠨ ᠦ᠌  ᠰᠤᠷᠠᠭ ᠵᠠᠩᠭᠢ ᠰᠢᠨᠵᠢᠯᠡᠭᠡᠨ ᠦ᠌ ᠨᠡᠢᠭᠡᠮᠯᠢᠭ᠂ ᠤᠯᠤᠰ ᠤᠨ ᠬᠡᠯᠡ ᠪᠢᠴᠢᠭ᠌ ᠦᠨ ᠬᠡᠯᠡᠨ ᠦ᠌ ᠵᠥᠪᠯᠡᠯ ᠪᠠ ᠰᠤᠷᠠᠭ ᠵᠠᠩᠭᠢᠴᠢᠯᠠᠯᠲᠠ ᠶᠢᠨ ᠪᠠᠢᠭᠤᠯᠤᠯᠭ᠎ᠠ ᠵᠡᠷᠭᠡ  ᠴᠦ᠋ᠬᠡᠨ ᠲᠣᠭᠠᠲᠤ ᠦᠨᠳᠦᠰᠦᠲᠡᠨ ᠦ᠌ ᠦᠭᠡ ᠬᠡᠯᠡ ᠦᠰᠦᠭ ᠪᠢᠴᠢᠭ᠌ ᠦᠨ ᠠᠵᠢᠯ ᠬᠢᠳᠡᠭ100 ᠭᠠᠷᠤᠢ ᠮᠡᠷᠭᠡᠵᠢᠯᠲᠡᠨ ᠪᠠᠭᠰᠠᠢ ᠨᠠᠷ ᠡᠷᠳᠡᠮᠲᠡᠳ ᠰᠤᠳᠤᠯᠤᠭᠠᠴᠢ   ᠣᠷᠤᠯᠴᠠᠵᠤ ᠮᠠᠨ ᠤ  ᠺᠣᠮᠫᠠᠨᠢ ᠠ᠋ᠴᠠ ᠴᠦ ᠮᠣᠩᠭᠤᠯ ᠦᠭᠡ ᠬᠡᠯᠡ ᠦᠰᠦᠭ ᠪᠢᠴᠢᠭ᠌ ᠦᠨ ᠠᠵᠢᠯ  ᠬᠠᠷᠢᠭᠤᠴᠠᠳᠠᠭ ᠪᠣᠤ ᠬᠠᠢ ᠱᠠᠨ᠂ ᠪᠣᠣ ᠰᠢᠶᠣᠣ ᠹᠧᠩ᠂ ᠪᠣᠣ ᠶᠢᠩ ᠵᠢᠶᠧ ᠵᠡᠷᠭᠡ 6 ᠮᠡᠷᠭᠡᠵᠢᠯᠲᠡᠨ ᠣᠴᠢᠵᠤ ᠣᠷᠤᠯᠴᠠᠭᠰᠠᠨ ᠪᠠᠢᠨ᠎ᠠ᠃

ᠡᠨᠡ ᠤᠳᠠᠭᠠᠨ ᠤ ᠰᠤᠳᠤᠯᠭᠠᠨ ᠤ ᠬᠤᠷᠠᠯ ᠳᠤ ᠪᠣᠣ ᠬᠠᠢ ᠱᠠᠨ ᠪᠠᠭᠰᠢ ᠵᠢ ᠲᠤᠰᠭᠠᠢᠯᠠᠨ ᠤᠷᠢᠵᠤ  ᠮᠣᠩᠭᠤᠯ ᠬᠡᠯᠡᠨ ᠦ᠌ ᠣᠯᠠᠨ ᠤᠯᠤᠰ / ᠤᠯᠤᠰ  ᠤᠨ ᠪᠠᠷᠢᠮᠵᠢᠶ᠎ᠠ ᠺᠣᠳ᠋ ᠤᠨ ᠲᠤᠬᠠᠢ ᠶᠠᠷᠢᠶ᠎ᠠ ᠲᠠᠯᠪᠢᠭᠤᠯᠵᠤ ᠪᠢᠯᠡ᠂ ᠃

ᠡᠭᠦᠨ ᠢ᠋ᠶ᠋ᠡᠷ ᠪᠠᠷᠠᠬᠤ ᠦᠭᠡᠢ  ᠡᠨᠡ ᠤᠳᠠᠭᠠᠨ ᠤ ᠬᠤᠷᠠᠯᠳᠤᠭᠠᠨ ᠳᠤ ᠮᠠᠨ ᠤ ᠺᠣᠮᠫᠠᠨᠢ  ᠨᠢ  ᠬᠠᠮᠵᠢᠨ ᠲᠡᠳᠭᠦᠭᠴᠢ  ᠲᠠᠯ᠎ᠠ ᠪᠣᠯᠤᠨ᠎ᠠ᠃ ᠮᠠᠨ ᠤ ᠺᠣᠮᠫᠠᠨᠢ ᠨᠢ ᠲᠤᠰ ᠬᠤᠷᠠᠯ ᠳᠤ ᠭᠣᠣᠯ ᠳᠡᠮᠵᠢᠯᠭᠡ ᠥᠭᠭᠦᠭᠰᠡᠨ ᠵᠣᠷᠢᠯᠭ᠎ᠠ ᠨᠢ  ᠪᠣᠯ ᠴᠥᠭᠡᠨ  ᠲᠣᠭᠠᠲᠤ ᠦᠨᠳᠦᠰᠦᠲᠡᠨ ᠦ᠌ ᠦᠭᠡ ᠬᠡᠯᠡ ᠦᠰᠦᠭ ᠪᠢᠴᠢᠭ᠌ ᠦ᠋ᠨ ᠰᠤᠷᠠᠭ ᠵᠠᠩᠭᠢᠴᠢᠯᠠᠯᠲᠠ  ᠤᠯᠠᠮ ᠨᠢᠭᠡ ᠠᠯᠬᠤᠮ ᠰᠠᠢᠬᠠᠨ  ᠬᠥᠭᠵᠢᠭᠦᠯᠬᠦ ᠳ᠋ᠦ᠍ ᠨᠢᠭᠡ ᠰᠠᠢᠬᠠᠨ ᠨᠥᠬᠦᠴᠡᠯ  ᠪᠦᠷᠢᠯᠳᠦᠭᠦᠯᠬᠦ ᠡᠭᠦᠳᠡᠨ ᠡᠴᠡ ᠬᠢᠭᠰᠡᠨ ᠪᠠᠢᠨ᠎ᠠ᠃  ᠬᠣᠵᠢᠮ ᠬᠣᠢᠰᠢ ᠭᠡᠰᠡᠨ ᠠᠳᠠᠯᠢ ᠮᠠᠨ  ᠤ ᠺᠣᠮᠫᠠᠨᠢ ᠨᠢ ᠤᠯᠠᠮ ᠴᠢᠷᠮᠠᠢᠵᠤ ᠥᠪᠦᠷ ᠮᠣᠩᠭᠤᠯ ᠳ᠋ᠤ᠌ ᠪᠠᠨ ᠳ᠋ᠤ᠌ ᠡᠷᠳᠡᠮ ᠰᠢᠨᠵᠢᠯᠡᠭᠡᠨ ᠦ᠌ ᠬᠤᠷᠠᠯ ᠵᠢ  ᠡᠷᠬᠢᠯᠡᠵᠦ ᠬᠢᠬᠦ ᠪᠡᠷ ᠮᠡᠷᠡᠢᠵᠦ ᠪᠠᠢᠨ᠎ᠠ᠃

 

ᠰᠠᠷᠡᠨᠴᠡᠴᠡᠭ ᠨᠠᠢᠷᠠᠭᠤᠯᠵᠤ ᠮᠡᠳᠡᠭᠡᠯᠡᠪᠡ᠃

ᠲᠦᠷᠦᠯ ᠠᠩᠭᠢᠯᠠᠯ᠄ ᠰᠢᠨ᠎ᠡ ᠬᠦᠳᠡᠯᠦᠯ, 未分类.