ᠬᠠᠮᠤᠭ ᠰᠢᠨ᠎ᠡ ᠮᠣᠩᠭᠤᠯ ᠡᠯᠸᠺᠲ᠋ᠷᠣᠨ ᠪᠡᠯᠡᠭ ᠤᠨ ᠺᠠᠷᠲ ᠠᠰᠢᠭᠯᠠᠯᠲᠠ ᠳᠤ ᠣᠷᠤᠯ᠎ᠠ᠂ ᠬᠠᠮᠤᠭ ᠤᠨ ᠳᠣᠲᠤᠨᠤ ᠬᠥᠮᠦᠰ ᠲᠡᠭᠡᠨ ᠵᠥᠩᠨᠡᠯ ᠳᠡᠪᠰᠢᠭᠦᠯᠦᠭᠡᠷᠡᠢ︕

2018ᠣᠨ ᠤ1 ᠰᠠᠷ᠎ᠠ ᠶᠢᠨ14 ᠤ ᠡᠳᠦᠷ᠂ ᠥᠪᠦᠷ ᠮᠣᠩᠭᠤᠯ ᠤᠨ ᠡᠳᠦᠷ ᠤᠨ ᠰᠣᠨᠢᠨ ᠤ ᠬᠣᠷᠢᠶ᠎ᠠ ᠡᠴᠡ 《ᠠᠷᠤ ᠬᠣᠷᠴᠢᠨ 2018 ᠮᠣᠩᠭᠤᠯ ᠬᠡᠯᠡᠨ ᠤ ᠰᠦᠯᠵᠢᠶ᠎ᠡ ᠶᠢᠨ ᠴᠠᠭᠠᠨ ᠰᠠᠷ᠎ᠠ ᠶᠢᠨ ᠦᠳᠡᠰᠢᠯᠡᠭᠡ》 ᠶᠢ ᠰᠢᠭᠤᠳ ᠨᠡᠪᠲᠡᠷᠡᠭᠦᠯᠬᠦ ᠪᠡᠷ ᠪᠠᠢᠨ᠎ᠠ᠃ ᠮᠠᠨ ᠤ ᠺᠣᠮᠫᠠᠨᠢ ᠮᠡᠷᠭᠡᠵᠢᠯ ᠬᠠᠩᠭᠠᠪᠠ᠂ᠲᠤᠬᠠᠢ ᠶᠢᠨ ᠴᠠᠭ  ᠲᠤ ᠨᠢ ᠬᠦᠯᠢᠶᠡᠨ ᠠᠪᠴᠤ ᠰᠣᠨᠢᠷᠬᠠᠭᠠᠷᠠᠢ᠃

ᠰᠢᠨ᠎ᠡ ᠵᠢᠯ ᠤᠨ ᠪᠡᠯᠡᠭ᠄ ᠳᠡᠯᠡᠬᠡᠢ ᠺᠣᠮᠫᠠᠨᠢ ᠬᠠᠮᠤᠭ ᠰᠢᠨ᠎ᠡ ᠮᠣᠩᠭᠤᠯ ᠡᠯᠧᠺᠲ᠋ᠷᠣᠨ ᠪᠡᠯᠡᠭ ᠤᠨ ᠺᠠᠷᠲ ᠲᠠᠢ ᠪᠠᠨ ᠬᠠᠮᠲᠤ᠂ ᠲᠠ ᠪᠦᠬᠦᠨ ᠲᠠᠢ ᠪᠠᠨ ᠵᠣᠯᠭᠠᠵᠤ ᠪᠠᠢᠨ᠎ᠠ᠃ ᠰᠦᠯᠵᠢᠶᠡᠨ ᠮᠡᠷᠭᠡᠵᠢᠯ ᠬᠥᠭᠵᠢᠵᠦ ᠪᠠᠢᠭ᠎ᠠ ᠥᠨᠥᠳᠦᠷ᠂ ᠸᠢᠴᠠᠲ ᠴᠢᠮᠡᠭᠡ᠂ᠣᠬᠤᠷ ᠵᠠᠬᠢᠳᠠᠯ ᠨᠢ ᠨᠢᠭᠡᠨᠲᠡ ᠤᠯᠠᠮᠵᠢᠯᠠᠯᠲᠤ ᠴᠠᠭᠠᠰᠤᠨ ᠺᠠᠷᠲ ᠶᠢ ᠣᠷᠤᠯᠠᠨ᠂ ᠬᠡᠷᠡᠭᠯᠡᠭᠴᠢᠳ ᠬᠡᠳᠦᠬᠡᠨ ᠰᠧᠺᠦ᠋ᠨ᠋ᠳ᠋ ᠤᠨ ᠳᠣᠲᠤᠷ᠎ᠠ ᠬᠦᠰᠡᠯ ᠵᠥᠩᠨᠡᠯ ᠢᠶᠡᠨ ᠳᠠᠮᠵᠢᠭᠤᠯᠵᠤ ᠴᠢᠳᠠᠨ᠎ᠠ᠃ ᠭᠡᠪᠡᠴᠦ ᠡᠳᠡᠭᠡᠷ ᠨᠢ ᠴᠠᠭᠠᠰᠤᠨ ᠺᠠᠷᠲ ᠤᠨ ᠵᠢᠷᠤᠭ ᠳᠦᠷᠰᠦ ᠤᠶᠠᠯᠳᠤᠭᠤᠯᠤᠨ ᠰᠡᠳᠭᠢᠯ ᠢᠶᠡᠨ ᠢᠯᠡᠳᠭᠡᠬᠦ ᠶᠢ ᠬᠦᠷᠬᠦ ᠦᠭᠡᠢ ᠭᠡᠳᠡᠭ ᠣᠯᠠᠩᠬᠢ ᠬᠥᠮᠦᠰ ᠤᠨ ᠱᠠᠭᠠᠷᠳᠠᠯᠭ᠎ᠠ ᠶᠢ ᠦᠨᠳᠦᠰᠦᠯᠡᠨ ᠮᠠᠨ ᠤ ᠺᠣᠮᠫᠠᠨᠢ ᠡᠴᠡ ᠴᠣ᠋ ᠰᠢᠨ᠎ᠡ ᠮᠣᠩᠭᠤᠯ ᠡᠯᠸᠺᠲ᠋ᠷᠣᠨ ᠪᠡᠯᠡᠭ ᠤᠨ ᠺᠠᠷᠲ ᠶᠢ ᠰᠤᠳᠤᠯᠤᠨ ᠭᠠᠷᠭᠠᠭᠰᠠᠨ ᠪᠠᠢᠨ᠎ᠠ᠃ ᠬᠡᠷᠡᠭᠯᠡᠭᠴᠢ ᠮᠠᠰᠢ ᠳᠥᠭᠦᠮ ᠮᠥᠷᠲᠡᠭᠡᠨ ᠣᠬᠤᠷᠬᠠᠨ ᠴᠠᠭ ᠲᠤ ᠲᠤᠰ ᠺᠠᠷᠲ ᠶᠢ ᠨᠠᠢᠷᠠᠭᠤᠯᠤᠨ ᠬᠠᠮᠤᠭ ᠤᠨ ᠳᠣᠲᠤᠨᠤ ᠬᠥᠮᠦᠰ ᠳᠡᠭᠡᠨ᠂ ᠳᠠᠭᠤᠤ ᠲᠠᠢ᠂ ᠰᠢᠯᠦᠭ ᠲᠠᠢ ᠰᠠᠢᠬᠠᠨ ᠺᠠᠷᠲ ᠢᠶᠡᠨ ᠪᠡᠯᠡᠭ ᠪᠠᠷᠢᠵᠤ ᠪᠣᠯᠤᠨ᠎ᠠ᠃
ᠲᠠᠨᠠᠷ ᠳᠠᠭᠠᠨ ᠲᠤᠰ ᠰᠢᠰᠲ᠋ᠧᠮ  ᠤᠨ ᠬᠡᠷᠡᠭᠯᠡᠬᠦ ᠠᠷᠭ᠎ᠠ ᠵᠢᠴᠢ ᠴᠢᠳᠠᠮᠵᠢ ᠶᠢᠨ ᠲᠤᠬᠠᠢ ᠲᠠᠨᠢᠯᠴᠠᠭᠤᠯᠤᠶ᠎ᠠ᠄

ᠨᠢᠭᠡ᠂ ᠰᠢᠰᠲ᠋ᠧᠮ ᠢ ᠨᠡᠭᠡᠭᠡᠨ᠂ ᠦᠰᠦᠭ ᠨᠠᠢᠷᠠᠭᠤᠯᠬᠤ

ᠵᠥᠩᠨᠡᠯ ᠤᠨ ᠦᠭᠡᠰ ᠢᠶᠡᠨ ᠰᠣᠩᠭᠤᠭᠠᠷᠠᠢ

ᠡᠰᠡᠭᠦᠯ᠎ᠡ ᠲᠠ ᠦᠪᠡᠰᠦᠪᠠᠨ ᠨᠠᠢᠷᠠᠭᠤᠯᠵᠤ ᠪᠣᠯᠤᠨ᠎ᠠ

ᠬᠣᠶᠠᠷ᠂ ᠰᠢᠰᠲ᠋ᠧᠮ ᠳᠣᠲᠤᠷ᠎ᠠ ᠡᠴᠡ ᠲᠤᠷᠠᠲᠠᠢ ᠳᠠᠭᠤᠤ ᠪᠠᠨ ᠰᠣᠩᠭᠤᠵᠤ ᠪᠣᠯᠤᠨ᠎ᠠ

ᠭᠤᠷᠪᠠ᠂ ᠰᠢᠰᠲ᠋ᠧᠮ ᠳᠣᠲᠤᠷ᠎ᠠ ᠡᠴᠡ ᠲᠤᠷᠠᠲᠠᠢ ᠵᠢᠷᠤᠭ ᠢᠶᠡᠨ ᠰᠣᠩᠭᠤᠵᠤ ᠪᠣᠯᠤᠨ᠎ᠠ

ᠳᠥᠷᠪᠡ᠂ ᠳᠣᠲᠤᠨᠤ ᠬᠥᠮᠦᠰ ᠳᠡᠭᠡᠨ ᠢᠯᠡᠭᠡᠬᠦ ᠪᠤᠶᠤ ᠨᠠᠢᠵᠠ ᠶᠢᠨ ᠲᠣᠭᠤᠷᠢᠭ ᠲᠠᠭᠠᠨ ᠬᠤᠪᠢᠶᠠᠯᠴᠠᠬᠤ᠂ QQ᠁

ᠮᠡᠷᠭᠡᠨ ᠴᠣᠬᠤᠷ ᠢ ᠰᠢᠷᠪᠢᠨ ᠮᠣᠩᠭᠤᠯ ᠡᠯᠸᠲ᠋ᠷᠤᠨ ᠺᠠᠷᠲ ᠶᠢ ᠬᠡᠷᠡᠭᠯᠡᠭᠡᠷᠡᠢ

ᠮᠡᠷᠭᠡᠨ ᠴᠣᠬᠤᠷ ᠢ ᠰᠢᠷᠪᠢᠨ ᠥᠪᠦᠷ ᠮᠣᠩᠭᠤᠯ ᠤᠨ ᠡᠳᠦᠷ ᠤᠨ ᠰᠣᠨᠢᠨ ᠤ ᠬᠣᠷᠢᠶ᠎ᠠ ᠶᠢᠨ ᠮᠣᠩᠭᠤᠯ ᠰᠣᠨᠢᠨ ᠢ ᠤᠩᠰᠢᠭᠠᠷᠠᠢ

ᠲᠦᠷᠦᠯ ᠠᠩᠭᠢᠯᠠᠯ᠄ ᠰᠢᠨ᠎ᠡ ᠬᠦᠳᠡᠯᠦᠯ.